ᠮᠣᠩᠭᠤᠯᠴᠤᠳ ᠤᠨ ᠬᠤᠨᠢ ᠢᠮᠠᠭ᠎ᠠ ᠦᠬᠡᠷ ᠲᠤ ᠬᠡᠷᠡᠭᠯᠡᠬᠦ ᠡᠳ᠋ᠯᠡᠯ ᠬᠡᠷᠡᠭᠰᠡᠯ ︵ᠨᠢᠭᠡ︶
ᠨᠡᠶᠢᠲᠡᠯᠡᠭᠰᠡᠨ ᠴᠠᠭ᠄
2024/5/28
    ᠬᠤᠨᠢᠨ ᠬᠤᠷᠢᠶ᠎ᠠ — ᠬᠤᠨᠢ ᠬᠤᠷᠢᠬᠤ ᠬᠦᠷᠢᠶ᠎ᠡ᠃    ᠰᠠᠷᠠᠪᠴᠢ — ᠬᠤᠨᠢᠨ ᠬᠤᠷᠢᠶᠠᠨ ᠤ ᠳᠤᠯᠠᠭᠠᠨ ᠫᠧᠩ᠃    ᠲᠥᠯ ᠤᠨ ᠪᠥᠬᠦᠭᠡᠭ — ᠲᠥᠯ ᠬᠤᠷᠢᠬᠤ ᠨᠠᠮᠬᠠᠨ ᠰᠢᠪᠠᠷ ᠭᠡᠷ᠃    ᠣᠳᠣ ᠪᠦᠷ ᠲᠥᠯ ᠤᠨ ᠫᠧᠩ ᠭᠡᠵᠦ ᠪᠤᠢ᠃    ᠲᠥᠯ ᠤᠨ ᠤᠭᠤᠲᠠ — ᠬᠤᠨᠢ ᠲᠥᠯᠯᠡᠬᠦ ᠦᠶ᠎ᠡ᠂ ᠬᠤᠷᠠᠭ᠎ᠠ ᠶᠢ ᠬᠥᠯᠳᠡᠵᠦ ᠪᠡᠭᠡᠷᠡᠬᠦ ᠠᠴᠠ ᠬᠢᠴᠢᠶᠡᠵᠦ ᠲᠤᠰᠬᠠᠢ ᠬᠢᠭᠰᠡᠨ ᠢᠰᠡᠭᠡᠢ ᠰᠠᠪᠠ᠃ ᠮᠠᠯ ᠢᠶᠠᠨ ᠪᠡᠯᠴᠢᠭᠡᠵᠦ ᠶᠠᠪᠤᠬᠤ ᠳᠠᠭᠠᠨ ᠬᠤᠨᠢᠴᠢᠨ ᠡᠭᠦᠷᠴᠦ ᠶᠠᠪᠤᠳᠠᠭ᠃    ᠲᠥᠯ ᠡᠪᠡᠰᠦᠯᠡᠬᠦ — ᠲᠥᠯ ᠤᠨ ᠪᠥᠬᠦᠭᠡᠭ ᠤᠨ ᠤᠨᠢ ᠨᠢᠷᠤᠭᠤ ᠪᠤᠶᠤ ᠬᠤᠷᠢᠶ᠎ᠠ ᠶᠢᠨ ᠬᠠᠨ᠎ᠠ ᠠᠴᠠ ᠡᠪᠡᠰᠦ ᠶᠢ ᠬᠤᠷᠤᠭᠤ ᠬᠢᠷᠢ ᠵᠢᠵᠢᠭ ᠵᠢᠵᠢᠭ ᠢᠶᠠᠷ ᠪᠣᠭᠤᠵᠤ ᠡᠯᠭᠦᠬᠦ᠃    ᠬᠥᠭᠡᠨ᠎ᠡ — ᠬᠤᠷᠠᠭ᠎ᠠ ᠢᠰᠢᠭᠡ ᠤᠶᠠᠬᠤ ᠬᠡᠷᠡᠭᠰᠡᠯ᠃    ᠬᠤᠨᠢᠨ ᠬᠥᠯᠯᠡᠭᠡ — ᠬᠤᠨᠢ ᠨᠣᠣᠰᠣᠯᠠᠬᠤ ᠳᠤ ᠭᠤᠷᠪᠠᠨ ᠬᠥᠯ ᠢ ᠨᠢ ᠪᠠᠷᠢᠵᠤ ᠤᠶᠠᠳᠠᠭ᠃ ᠡᠨᠡᠬᠦ ᠳᠡᠭᠡᠰᠦ ᠶᠢ ᠬᠥᠯᠯᠡᠭᠡ ᠭᠡᠨ᠎ᠡ᠃
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠤᠷᠳᠤᠨ