ᠮᠣᠩᠭᠤᠯᠴᠤᠳ ᠤᠨ ᠬᠤᠨᠢ ᠢᠮᠠᠭ᠎ᠠ ᠦᠬᠡᠷ ᠲᠤ ᠬᠡᠷᠡᠭᠯᠡᠬᠦ ᠡᠳ᠋ᠯᠡᠯ ᠬᠡᠷᠡᠭᠰᠡᠯ ︵ᠬᠤᠶᠠᠷ︶
ᠨᠡᠶᠢᠲᠡᠯᠡᠭᠰᠡᠨ ᠴᠠᠭ᠄
2024/5/28
    ᠬᠤᠨᠢᠨ ᠬᠠᠶᠢᠴᠢ — ᠬᠤᠨᠢ ᠨᠣᠣᠰᠣᠯᠠᠬᠤ ᠳᠤ ᠬᠡᠷᠡᠭᠯᠡᠳᠡᠭ ᠪᠠᠭᠠᠵᠢ᠃    ᠬᠤᠨᠢᠨ ᠬᠤᠯᠪᠣᠭᠤᠷ — ᠬᠤᠨᠢ ᠰᠠᠭᠠᠬᠤ ᠳᠤ ᠬᠤᠶᠠᠷ ᠬᠤᠶᠠᠷ ᠢᠶᠠᠷ ᠨᠢ ᠲᠣᠯᠣᠭᠠᠢ ᠶᠢ ᠨᠢ ᠵᠥᠷᠢᠭᠦᠯᠦᠨ ᠬᠡᠯᠬᠢᠶᠡᠯᠡᠬᠦ ᠳᠡᠭᠡᠰᠦ᠃    ᠰᠠᠮ — ᠢᠮᠠᠭᠠᠨ ᠤ ᠨᠣᠣᠯᠣᠭᠤᠷ ᠢ ᠮᠠᠭᠠᠵᠢᠨ ᠰᠠᠮᠨᠠᠵᠤ ᠠᠪᠬᠤ ᠲᠡᠮᠦᠷ ᠬᠡᠷᠡᠭᠰᠡᠯ᠃    ᠱᠦᠭᠦᠷ — ᠦᠯᠡᠳᠡᠭᠰᠡᠨ ᠨᠣᠣᠯᠣᠭᠤᠷ ᠢ ᠱᠦᠭᠦᠷᠳᠡᠨ ᠠᠪᠬᠤ ᠪᠠᠭ᠎ᠠ ᠰᠠᠮ ᠢ ᠵᠢᠭᠠᠵᠤ ᠪᠤᠢ᠃    ᠭᠠᠳᠠᠰᠤ — ᠰᠠᠮᠨᠠᠬᠤ ᠢᠮᠠᠭ᠎ᠠ ᠪᠠᠨ ᠬᠦᠯᠢᠭᠰᠡᠨ ᠤ ᠳᠠᠷᠠᠭ᠎ᠠ ᠭᠠᠵᠠᠷ ᠲᠤ ᠱᠠᠭᠠᠭᠰᠠᠨ ᠲᠡᠮᠦᠷ ᠭᠠᠳᠠᠰᠤᠨ ᠠᠴᠠ ᠤᠶᠠᠵᠤ ᠴᠢᠩᠭᠠᠭᠠᠵᠤ ᠪᠠᠶᠢᠭᠠᠳ ᠰᠠᠮᠨᠠᠳᠠᠭ᠃    ᠰᠣᠷᠯᠠᠬᠤ — ᠢᠮᠠᠭᠠᠨ ᠤ ᠨᠣᠣᠯᠣᠭᠤᠷ ᠢ ᠠᠮᠠᠷᠬᠠᠨ ᠰᠠᠮᠨᠠᠬᠤ ᠶᠢᠨ ᠲᠥᠯᠥᠭᠡ ᠤᠷᠢᠳ ᠢᠶᠠᠷ ᠰᠣᠷ ᠢ ᠨᠢ ᠦᠵᠦᠭᠦᠷ ᠢᠶᠠᠷ ᠨᠢ ᠬᠢᠷᠠᠭᠠᠨ ᠬᠠᠶᠢᠴᠢᠯᠠᠬᠤ ᠶᠢ ᠰᠣᠷᠯᠠᠬᠤ ᠭᠡᠳᠡᠭ᠃    ᠰᠠᠭᠠᠯᠢ ᠶᠢᠨ ᠰᠠᠭᠤᠯᠠᠭ᠎ᠠ — ᠦᠨᠢᠶ᠎ᠡ ᠮᠠᠯ ᠰᠠᠭᠠᠬᠤ ᠳᠤ ᠵᠣᠷᠢᠭᠤᠯᠤᠭᠰᠠᠨ ᠪᠢᠴᠢᠬᠠᠨ ᠮᠣᠳᠣᠨ ᠰᠠᠪᠠ᠃ ᠪᠠᠰᠠ ᠪᠣᠷᠳᠣᠭᠤ ᠭᠡᠳᠡᠭ᠃    ᠪᠦᠰᠡᠯᠡᠭᠦᠷ — ᠰᠠᠭᠤᠯᠠᠭ᠎ᠠ ᠶᠢᠨ ᠮᠣᠳᠣ ᠶᠢ ᠲᠣᠭᠲᠠᠭᠠᠨ ᠪᠠᠬᠢᠯᠡᠭᠰᠡᠨ ᠲᠡᠮᠦᠷ ᠪᠤᠶᠤ ᠭᠠᠤᠯᠢᠨ ᠴᠠᠭᠠᠷᠢᠭ᠃ ᠬᠤᠶᠠᠷ ᠪᠤᠶᠤ ᠭᠤᠷᠪᠠ ᠪᠠᠶᠢᠳᠠᠭ᠃
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠤᠷᠳᠤᠨ