︽ᠬᠤᠩᠭᠤᠷ ᠰᠠᠯᠬᠢᠨ ᠬᠠᠤᠭᠢᠷᠤᠨ ᠮᠢᠨᠤ ᠬᠠᠷᠢᠬᠤ ᠦᠶ᠎ᠡ | ᠬᠤᠪᠠᠭ᠋ᠠᠢ ᠨᠠᠪᠴᠢ ᠬᠡᠶᠢᠰᠦᠷᠦᠨ ᠴᠢᠨᠦ ᠤᠶᠠᠷᠠᠬᠤ ᠴᠠᠭ︾ ᠨᠠᠮᠤᠷ ᠢᠷᠡᠵᠦ ᠨᠠᠮᠠᠶᠢ ᠤᠶᠠᠷᠠᠭᠤᠯᠪᠠ᠃ | ᠨᠠᠮᠤᠷ ᠤᠨ ᠲᠤᠬᠠᠢ ᠨᠠᠷᠠᠳᠤ ᠰᠢᠯᠦᠭ ᠢᠷᠠᠭᠤ ᠪᠠᠳᠠᠭ ᠢ ᠥᠩᠭᠡᠷᠡᠭᠰᠡᠨ ᠤ ᠬᠥᠮᠥᠰ ᠬᠡᠴᠢᠨᠡᠨ ᠦᠯᠡᠳᠡᠭᠡᠪᠡ︖ ᠨᠢᠯᠪᠤᠰᠤᠲᠤ ᠠᠶᠠᠯᠭᠤ ᠶᠢ ᠰᠡᠳᠬᠢᠯ ᠤᠨ ᠲᠡᠭᠷᠢ | ᠥᠭᠡᠳᠡ ᠴᠢᠪᠬᠠᠳᠠᠬᠤᠶᠠ ᠤᠶᠠᠷᠠᠭᠤᠨ ᠡᠭᠡᠰᠢᠭ ᠭᠡᠭᠴᠢ ᠰᠠᠨᠠᠭ᠎ᠠ ᠶᠢ ᠣᠶᠢᠯᠠᠭᠠᠭᠴᠢ ᠳᠤ ᠤᠬᠠᠮᠵᠢᠲᠠᠢ᠃ ᠲᠦᠮᠡᠳ ᠤᠨ ᠲᠠᠯ᠎ᠠ ᠳᠤ ᠥᠷᠥᠭᠡᠰᠦᠨ ᠬᠤᠨ ᠭᠠᠭᠴᠠᠭᠠᠷ | ᠳᠡᠪᠳᠡᠷᠢᠨ᠎ᠡ ᠁ ᠪᠢ ᠭᠠᠭᠴᠠᠭᠠᠷ᠃ ᠭᠡᠶᠦᠷᠡᠯ ᠤᠨ ᠳᠤᠮᠳᠠᠬᠢ ᠭᠠᠭᠴᠠᠭᠠᠷᠳᠠᠯ ᠨᠠᠮ ᠵᠢᠮ ᠤᠷᠤᠰᠤᠨ᠎ᠠ᠃ | ᠨᠠᠮᠤᠷ ᠴᠠᠭ ᠤᠨ ᠭᠠᠭᠴᠠᠭᠠᠷᠳᠠᠯ ᠨᠠᠳᠠ ᠳᠠᠭᠠᠨ ᠶᠡᠷᠦ ᠨᠢ ᠥᠨᠢᠷ ᠪᠠᠶᠠᠨ ᠰᠠᠶᠢᠨ ᠰᠠᠶᠢᠬᠠᠨ ᠭᠤᠨᠢᠭ ᠠᠪᠴᠢᠷᠠᠳᠠᠭ ᠶᠤᠮ ᠠ᠋᠃ | ᠠᠷᠭᠠᠴᠠᠭᠠᠳ ᠪᠢ ᠥᠪᠡᠷ ᠢ ᠪᠠᠨ ᠪᠤᠴᠠᠬᠤ ᠭᠠᠯᠠᠭᠤᠳ ᠲᠠᠢ ᠪᠢᠲᠡᠭᠡᠢ ᠠᠲᠠᠭᠠᠷᠬ᠎ᠠ ᠭᠡᠵᠦ ᠪᠤᠮᠠᠨ ᠮᠥᠷᠥᠭᠡᠳᠦᠯ ᠢᠶᠠᠨ ᠲᠠᠰᠤᠳᠠᠵᠤ᠂ ᠪᠣᠷᠣ ᠳᠡᠭᠲᠡᠷ ᠠᠴᠠ ᠵᠤᠤ | ᠵᠢᠶᠦ᠋ᠨ ᠤ ᠬᠠᠭᠤᠴᠢᠨ ᠮᠥᠷ ᠢ ᠮᠥᠷᠳᠡᠵᠦ᠂ ᠡᠪ ᠵᠣᠬᠢᠴᠠᠯ ᠤᠨ ᠢᠷᠠᠭᠤ ᠠᠶᠠᠯᠭᠤ ᠶᠢ ᠢᠯᠠᠭᠤᠭᠰᠠᠨ ᠬᠤᠭᠤᠯᠠᠢ ᠪᠠᠷ ᠤᠩᠰᠢᠵᠤ ᠳᠠᠭᠤᠯᠠᠳᠠᠭ ᠪᠢᠯᠡ᠃ | ᠨᠢᠭᠡᠨ ᠲᠡᠷᠭᠡᠯ ᠨᠠᠮᠤᠷ ᠤᠨ ᠴᠣᠩᠬᠢᠶᠠᠯ ᠴᠡᠩᠬᠡᠷ ᠥᠩᠭᠡ ᠪᠠᠷ ᠮᠡᠯᠮᠡᠷᠡᠨ᠂ ᠲᠡᠷᠲᠡᠭᠡ ᠵᠠᠭᠤᠨ ᠢ ᠲᠠᠮᠠᠭᠠᠯᠠᠵᠤ ᠦᠯᠡᠳᠡᠭᠡᠭᠰᠡᠨ ᠲᠡᠷᠡ ᠬᠤᠯᠠ ᠶᠢᠨ ᠱᠠᠰᠲᠢᠷ᠂ | ᠲᠦᠮᠡᠳ ᠤᠨ ᠲᠠᠯ᠎ᠠ ᠪᠠᠷ ᠴᠤᠭᠤᠷᠬᠠᠢ ᠲᠡᠭᠷᠢ ᠶᠢᠨ ᠳᠠᠭᠤᠲᠤ ᠪᠣᠷᠣᠭᠠᠨ ᠰᠢᠭ᠋ ᠥᠩᠭᠡᠷᠡᠨ ᠣᠳᠴᠤ᠂ ᠳᠡᠷᠭᠡᠳᠡ ᠬᠤᠴᠣᠷᠤᠭᠰᠠᠨ ᠨᠠᠮᠤᠷ ᠤᠨ ᠨᠠᠪᠴᠢᠰ ᠲᠤ ᠮᠢᠨᠤ | ᠦᠢᠯᠡᠰ ᠢ ᠵᠠᠯᠭᠠᠵᠤ ᠲᠡᠮᠳᠡᠭᠯᠡᠪᠡ᠃ | ᠡᠨᠡ ᠦᠢᠯᠡᠰ ᠤᠨ ᠵᠠᠮ ᠢᠶᠠᠷ ᠲᠦᠮᠡᠳ ᠤᠨ ᠬᠡᠦᠬᠡᠳ ᠲᠤ ᠦᠰᠦᠭ ᠪᠢᠴᠢᠭ ᠲᠠᠨᠢᠭᠤᠯᠤᠶ᠎ᠠ ᠭᠡᠵᠦ ᠯᠠ ᠥᠷᠥ ᠵᠢᠷᠦᠬᠡᠨ ᠠᠴᠠ ᠪᠠᠨ ᠴᠢᠰᠤ ᠲᠠᠭᠠᠪᠤᠷᠢᠯᠠᠭᠤᠯᠵᠤ᠂ | ᠪᠦᠳᠦᠷᠢᠵᠦ ᠪᠣᠰᠴᠤ ᠦᠰᠦ ᠰᠥᠰᠥ ᠠᠴᠠ ᠪᠠᠨ ᠰᠦᠭ ᠰᠦᠯᠳᠡ ᠪᠠᠳᠠᠷᠠᠭᠤᠯᠤᠨ᠂ ᠣᠮᠣᠭᠯᠠᠩ ᠥᠨᠳᠡᠶᠢᠵᠦ ᠢᠲᠡᠭᠡᠯ ᠤᠷᠭᠤᠭᠤᠯᠵᠤ᠂ ᠵᠦᠳᠡᠭᠦᠷᠢ ᠪᠠᠷ ᠵᠢᠷᠭᠠᠯ | ᠪᠤᠯᠭᠠᠵᠤ ᠶᠠᠪᠤᠭᠰᠠᠨ ᠶᠤᠮ ᠁ | ᠡᠨᠡ ᠦᠢᠯᠡᠰ ᠤᠨ ᠵᠠᠮ ᠢᠶᠠᠷ ᠨᠠᠮᠤᠷ ᠤᠨ ᠮᠥᠷᠥᠭᠡᠳᠦᠯ ᠢ ᠨᠢᠯᠪᠤᠰᠤ ᠪᠠᠷ ᠮᠣᠬᠤᠭᠠᠨ᠂ ᠢᠷᠡᠭᠡᠳᠦᠢ ᠬᠠᠮᠢᠭ᠎ᠠ ᠪᠠᠶᠢᠬᠤ ᠶᠢ ᠡᠯᠡᠷ ᠪᠠᠯᠠᠷ ᠲᠡᠮᠲᠡᠷᠬᠢᠯᠡᠨ | ᠮᠥᠷᠥᠭᠡᠳᠴᠦ᠂ ᠳᠤᠷᠠᠯᠠᠯ ᠳᠤ ᠶᠠᠭᠤ ᠣᠯᠳᠠᠬᠤ ᠶᠢ ᠠᠯᠳᠠᠭ ᠤᠨᠤᠭ ᠡᠷᠢᠨ᠂ ᠠᠮᠵᠢᠯᠲᠠ ᠪᠠᠶᠢᠬᠤ ᠡᠰᠡᠬᠦ ᠶᠢ ᠠᠯᠵᠢᠶᠠᠲᠠᠯᠠ ᠮᠥᠷᠥᠭᠡᠳᠴᠦ᠂ ᠴᠥᠬᠦᠷᠡᠯ ᠦᠭᠡᠢ | ᠵᠢᠳᠬᠦᠵᠦ ᠶᠠᠪᠤᠭᠰᠠᠨ ᠶᠤᠮ ᠁ | ᠡᠨᠡ ᠦᠢᠯᠡᠰ ᠤᠨ ᠵᠠᠮ ᠢᠶᠠᠷ ᠨᠠᠮᠤᠷ ᠤᠨ ᠮᠥᠷᠥᠭᠡᠳᠦᠯ ᠳᠤ ᠨᠤᠲᠤᠭ ᠤᠰᠤ᠂ ᠡᠴᠢᠭᠡ ᠡᠬᠡ ᠪᠠᠨ ᠡᠩᠰᠡᠷᠡᠲᠡᠯ᠎ᠡ ᠰᠠᠨᠠᠵᠤ᠂ ᠡᠭᠡᠴᠢ ᠳᠡᠭᠦᠦ᠂ ᠪᠠᠭᠰᠢ | ᠨᠥᠬᠦᠳ ᠢᠶᠠᠨ ᠦᠭᠡᠶᠢᠯᠡᠨ ᠳᠤᠷᠠᠰᠴᠤ᠂᠂ ᠰᠢᠯᠦᠭ ᠵᠣᠬᠢᠶᠠᠯ ᠡᠷᠢᠶᠡᠴᠢᠵᠦ᠂ ᠬᠢᠵᠠᠭᠠᠷ ᠦᠭᠡᠢ ᠰᠠᠨᠠᠯ ᠳᠤ ᠡᠮᠵᠡᠭᠬᠡᠨ ᠶᠠᠪᠤᠭᠰᠠᠨ ᠶᠤᠮ ᠁ | ᠡᠨᠡ ᠦᠢᠯᠡᠰ ᠤᠨ ᠵᠠᠮ ᠢᠶᠠᠷ ᠨᠠᠮᠤᠷ ᠤᠨ ᠭᠡᠶᠦᠷᠡᠯ ᠳᠤ ᠪᠡᠶ᠎ᠡ ᠰᠡᠳᠬᠢᠯ ᠢᠶᠠᠨ ᠴᠢᠯᠡᠭᠡᠵᠦ᠂ ᠵᠠᠶᠠᠭ᠎ᠠ ᠲᠠᠪᠢᠯᠠᠩ ᠳᠠᠭᠠᠨ ᠤᠶᠢᠳᠤᠨ᠂ ᠨᠤᠭᠤᠷᠠᠯ ᠪᠦᠳᠦᠷᠢᠯ᠂ | ᠵᠣᠪᠠᠯ ᠵᠢᠷᠭᠠᠯ ᠢ ᠠᠯᠠᠭ ᠦᠭᠡᠢ ᠠᠮᠰᠠᠵᠤ᠂ ᠦᠭᠡ ᠦᠭᠡᠢ ᠬᠤᠭᠤᠰᠤᠨ ᠥᠭᠦᠯᠡᠪᠦᠷᠢ᠂ ᠠᠶ᠎ᠠ ᠣᠯᠳᠠᠬᠤ ᠦᠭᠡᠢ ᠤᠯᠠᠨ ᠨᠣᠲ ᠢ ᠵᠡᠭᠦᠳᠦᠨ ᠳᠡᠭᠡᠨ ᠬᠥᠭᠵᠢᠮ | ᠪᠣᠯᠭᠠᠨ ᠰᠡᠭᠦᠳᠡᠷ ᠥᠭᠡᠳᠡ ᠴᠢᠪᠬᠠᠳᠠᠵᠤ ᠶᠠᠪᠤᠭᠰᠠᠨ ᠶᠤᠮ ᠁ | ︽ᠤᠶᠢᠳᠪᠠᠰᠤ ᠰᠢᠯᠦᠭ ᠲᠤᠷ ᠤᠷᠮ᠎ᠠ ᠲᠠᠢ ᠪᠣᠯᠣᠮᠤᠢ︾ ᠭᠡᠳᠡᠭ ᠨᠡᠬᠡᠷᠡᠨ ᠤᠤ ᠳ᠋ᠠ︖ ᠴᠡᠴᠡᠭ ᠤᠨ ᠬᠡᠷᠡᠰᠬᠡ ᠶᠢ ᠲᠦᠰᠢᠨ ᠵᠤᠯᠭᠠᠷᠠᠬᠤ ᠨᠠᠪᠴᠢᠰ ᠢ ᠬᠠᠷᠠᠨ | ᠱᠣᠭᠰᠢᠲᠠᠯᠠ ᠤᠬᠢᠯᠠᠵᠤ᠂ ᠡᠷᠲᠡᠨ ᠤ ᠬᠥᠮᠥᠰ ᠢ ᠳᠠᠭᠤᠷᠢᠶᠠᠨ᠂ ᠴᠢᠩ ᠦᠨᠡᠨᠴᠢ ᠬᠠᠶᠢᠷ᠎ᠠ ᠪᠠᠨ ᠠᠭᠤᠳᠠᠯᠤᠨ ᠪᠠᠷᠢᠬᠤ ᠳᠤ ᠤᠷᠪᠠᠭᠤᠯᠵᠤ ᠦᠵᠡᠬᠦ ᠬᠥᠮᠥᠨ | ᠦᠭᠡᠢ ᠶᠢᠨ ᠤᠴᠢᠷ ᠤᠷᠳᠤ ᠶᠢᠨ ᠤᠷᠳᠤ ᠰᠡᠭᠦᠷᠡᠰᠦᠯᠡᠯ ᠮᠢᠨᠢ ᠠᠯᠠᠭ ᠬᠤᠷᠸ᠎ᠠ ᠶᠢ ᠮᠡᠭᠰᠢᠷᠡᠲᠡᠯᠡ ᠤᠶᠠᠷᠠᠭᠤᠯᠵᠤ᠂ ᠡᠷᠬᠡᠯᠡᠵᠦ ᠲᠤᠨᠢᠶᠠᠷᠬᠠᠬᠰᠠᠨ ᠬᠡᠦᠬᠡᠨ ᠠᠭᠠᠯᠢ ᠪᠠᠨ | ᠵᠦᠪᠭᠡᠨ ᠨᠠᠮᠤᠷ ᠵᠦᠭ ᠠᠰᠬᠠᠷᠠᠭᠤᠯᠤᠭᠰᠠᠨ ᠪᠢᠯᠡ ᠁ | ᠤᠬᠠᠭ᠎ᠠ ᠰᠦᠯᠡᠭᠰᠡᠨ ᠠᠮᠢᠳᠤᠷᠠᠯ ᠤᠨ ᠨᠠᠮᠤᠷ ᠤᠴᠠᠷᠠᠯ ᠪᠦᠭᠦᠨ ᠥᠪᠡᠷ ᠤᠨ ᠳᠤᠷᠠᠰᠤᠮᠵᠢ ᠲᠠᠢ ᠠᠵᠢ᠃ | ᠨᠠᠮᠤᠷ ᠤᠨ ᠲᠡᠭᠷᠢ ᠥᠨᠳᠥᠷᠬᠡᠨ᠂ ᠨᠠᠮᠤᠷ ᠤᠨ ᠨᠠᠷᠠᠨ ᠬᠤᠷᠴᠠᠬᠠᠨ᠂ ᠨᠠᠮᠤᠷ ᠤᠨ ᠳᠡᠯᠡᠬᠡᠢ ᠠᠭᠤᠳᠠᠮᠬᠠᠨ᠂ ᠠᠭᠤᠳᠠᠮᠬᠠᠨ ᠵᠠᠢ ᠪᠠᠷ ᠨᠢ ᠪᠣᠯᠪᠠᠰᠤᠷᠠᠭᠰᠠᠨ ᠨᠠᠮᠤᠷ | ᠪᠠᠭ᠋ᠠᠳᠤᠯᠲᠤ ᠬᠤᠷᠢᠶᠠᠯᠲᠠ ᠪᠠᠷ ᠢᠶᠠᠨ ᠪᠠᠶᠠᠨ ᠰᠠᠩ ᠢ ᠳᠦᠭᠦᠷᠭᠡᠨ᠂ ᠪᠤᠶᠠᠨᠲᠤ ᠬᠥᠮᠥᠷᠭᠡ ᠶᠢ ᠪᠢᠯᠬᠠᠭᠤᠯᠤᠨ᠎ᠠ᠃ ᠶᠠᠭ ᠡᠨᠡ ᠦᠶ᠎ᠡ ᠪᠠᠷ ᠰᠤᠷᠤᠬᠰᠠᠨ ᠮᠡᠳᠡᠯᠭᠡ ᠶᠢᠨ | ᠰᠣᠳᠣᠨ ᠪᠦᠭᠦᠨ ᠢ ᠱᠦᠭᠦᠵᠦ ᠪᠢᠲᠡᠭᠦᠮᠵᠢᠯᠡᠭᠰᠡᠨ ᠳᠤᠭᠲᠦ᠋ᠢᠲᠤ ᠵᠠᠬᠢᠶ᠎ᠠ ᠶᠢ ᠠᠯᠠᠭᠠᠨ ᠳᠠᠭᠠᠨ ᠲᠤᠰᠴᠣ᠂ ᠲᠤᠬᠤ ᠦᠭᠡᠢ ᠳᠡᠷᠪᠡᠵᠦ ᠳᠡᠪᠬᠡᠷᠦᠭᠰᠡᠨ ᠲᠡᠷᠡ | ᠮᠥᠴᠡ ᠳᠤ ᠵᠠᠯᠠᠭᠤ ᠨᠠᠰᠤ ᠮᠢᠨᠢ ᠦᠳᠦ ᠪᠠᠨ ᠰᠣᠯᠢᠭᠰᠠᠨ ᠪᠦᠷᠭᠦᠳ ᠮᠡᠲᠦ ᠬᠦᠰᠡᠯ ᠤᠨ ᠵᠢᠭᠦᠷ ᠢᠶᠠᠨ ᠬᠦᠴᠦᠲᠡᠢ ᠳᠡᠯᠭᠡᠵᠦ᠂ ᠬᠦᠵᠦᠭᠦᠦ ᠤᠷᠳᠦ ᠵᠠᠮ ᠢ ᠵᠣᠷᠢᠭᠲᠠᠢ | ᠲᠤᠭᠤᠯᠬᠤ ᠳᠤ ᠮᠥᠩᠬᠡ ᠲᠡᠭᠷᠢ ᠨᠠᠮᠠᠶᠢ ᠢᠪᠡᠭᠡᠨ ᠲᠡᠳᠬᠦᠵᠦ ᠪᠠᠶᠢᠭᠰᠠᠨ ᠁ | ᠶᠠᠭ ᠡᠨᠡ ᠦᠶ᠎ᠡ ᠪᠠᠷ ᠶᠢᠰᠦᠨ ᠰᠠᠷ᠎ᠠ ᠶᠢᠨ ᠠᠷᠪᠠᠨ ᠤ ᠪᠠᠭᠰᠢ ᠶᠢᠨ ᠪᠠᠶᠠᠷ ᠲᠣᠬᠢᠶᠠᠯᠳᠤᠵᠤ᠂ ᠰᠥᠨᠢ ᠡᠳᠦᠷ ᠤᠨ ᠴᠢᠯᠡᠭᠡ ᠮᠢᠨᠢ ᠰᠢᠯᠢᠳᠡᠭ ᠪᠠᠭᠰᠢ ᠪᠠᠷ | ᠰᠣᠯᠢᠭᠳᠠᠵᠤ᠂ ᠱᠠᠩᠨᠠᠯ ᠬᠥᠬᠢᠭᠦᠯᠦᠯ ᠤᠨ ᠲᠠᠶᠢᠰᠠᠨ ᠳᠤ ᠤᠯᠠᠭᠠᠨ ᠴᠡᠴᠡᠭ ᠥᠷᠥ ᠵᠢᠷᠦᠬᠡ ᠶᠢ ᠭᠡᠶᠢᠭᠦᠯᠵᠦ᠂ ᠣᠷᠭᠢᠯᠤᠮ᠎ᠠ ᠵᠣᠷᠢᠭ ᠪᠦᠭᠦ ᠪᠡᠶ᠎ᠡ ᠠᠴᠠ ᠤᠨᠳᠤᠷᠤᠨ᠂ | ᠡᠭᠡᠯ ᠨᠢᠭᠡᠨ ᠪᠠᠭᠰᠢ ᠨᠡᠷ᠎ᠡ ᠶᠢ ᠬᠠᠲᠠᠭᠤᠵᠢᠯᠲᠠᠢ ᠭᠦᠳᠡᠯᠮᠦᠷᠢ ᠪᠠᠷ ᠢᠶᠠᠨ ᠡᠷᠭᠦᠨ ᠶᠠᠪᠤᠬᠤ ᠳᠤ ︽ᠬᠥᠮᠥᠨ ᠲᠥᠷᠥᠯᠬᠢᠲᠡᠨ ᠤ ᠤᠶᠤᠨ ᠤ ᠢᠨᠵᠧᠨᠧᠷ︾ ᠭᠡᠬᠦ ᠢᠷᠠᠭᠤ | ᠠᠯᠳᠠᠷ ᠠᠴᠠ ᠥᠩᠭᠡ ᠭᠡᠷᠡᠯ ᠰᠠᠴᠤᠷᠠᠵᠤ ᠪᠠᠶᠢᠭᠰᠠᠨ ᠁ | ᠶᠠᠭ ᠡᠨᠡ ᠦᠶ᠎ᠡ ᠪᠠᠷ ᠬᠥᠮᠥᠨ ᠤ ᠡᠭᠦᠳᠡᠨ ᠳᠤ ᠪᠡᠷᠢ ᠶᠢᠨ ᠶᠣᠰᠣ ᠶᠢ ᠬᠢᠴᠢᠶᠡᠵᠦ ᠠᠩᠬ᠎ᠠ ᠤᠳᠠᠭ᠎ᠠ ᠠᠬ᠎ᠠ ᠪᠡᠷᠭᠡᠨ ᠲᠠᠢ ᠪᠠᠨ ᠭᠤᠷᠪᠠᠭᠤᠯᠠ ᠬᠠᠳᠠᠮᠴᠢᠯᠠᠵᠤ | ᠭᠦᠷᠦᠭᠰᠡᠨ ᠲᠡᠦᠬᠡ ᠲᠠᠢ ᠰᠠᠨ᠃ ᠲᠣᠷᠭᠠᠨ ᠬᠠᠶᠢᠷ᠎ᠠ ᠶᠢᠨ ᠲᠠᠩᠰᠤᠭ ᠨᠠᠮᠤᠷ ᠬᠤᠩᠭᠤᠷᠬᠠᠨ ᠪᠠᠶᠢᠭᠰᠠᠨ᠃ ᠨᠡᠷᠡᠨ ᠤ ᠪᠤᠴᠠᠯᠤᠮ᠎ᠠ ᠢᠯᠴᠢ ᠵᠣᠯ ᠵᠢᠷᠭᠠᠯ ᠢ ᠰᠡᠷᠡᠯ | ᠮᠡᠳᠡᠷᠡᠯ ᠪᠦᠭᠦᠨ ᠢᠶᠠᠷ ᠲᠥᠭᠡᠨᠡᠵᠦ᠂ ᠡᠷᠭᠢ ᠦᠭᠡᠢ ᠢᠨᠠᠭ ᠤᠨ ᠲᠠᠯᠠᠢ ᠳᠤ ᠡᠷᠬᠡ ᠳᠤᠷ᠎ᠠ ᠪᠠᠷ ᠨᠣᠶᠠᠷᠬᠠᠭᠳᠠᠨ ᠱᠤᠩᠪᠠᠵᠤ ᠪᠠᠶᠢᠭᠰᠠᠨ ᠁ | ᠶᠠᠭ ᠡᠨᠡ ᠦᠶ᠎ᠡ ᠪᠠᠷ ᠡᠩᠬᠦᠷᠡᠢ ᠬᠥᠭᠡᠷᠦᠬᠦᠨ ᠬᠦᠦ ᠶᠢᠨ ᠢᠶᠠᠨ ᠬᠤᠶᠠᠷ ᠨᠠᠰᠤᠨ ᠳᠤᠨᠢ ᠪᠤᠯᠪᠠᠷᠠᠢ ᠲᠤᠶᠠᠭᠠᠨ ᠬᠡᠦᠬᠡᠨ ᠢᠶᠠᠨ ᠬᠥᠩᠭᠡᠵᠢᠭᠡᠳ ᠬᠠᠷ᠎ᠠ ᠴᠠᠭᠠᠨ | ᠦᠷ᠎ᠡ ᠲᠠᠢ ᠬᠠᠯᠠᠭᠤᠨ ᠪᠦᠯᠢᠶᠡᠨ ᠭᠡᠷ ᠪᠦᠯᠢ ᠲᠠᠢ᠂ ᠬᠠᠩᠬᠤᠯᠵᠤ ᠬᠠᠩᠭᠢᠨᠠᠭᠰᠠᠨ ᠬᠠᠶᠢᠷ᠎ᠠ ᠶᠢᠨ ᠪᠦᠪᠡᠢ ᠲᠠᠢ ᠡᠵᠢ ᠬᠥᠮᠥᠨ ᠤ ᠤᠭᠤᠷᠠᠭ ᠴᠠᠭᠠᠨ ᠰᠦ ᠪᠠᠨ | ᠴᠠᠯᠭᠢᠯᠠᠭᠤᠯᠵᠤ᠂ ᠡᠷ᠎ᠡ ᠬᠤᠩᠭᠤᠷ ᠬᠠᠨᠢ ᠶᠢᠨ ᠬᠤᠶᠢᠮᠤᠷ ᠲᠤ ᠮᠥᠩᠬᠡ ᠭᠠᠯ ᠤᠨ ᠭᠤᠯᠣᠮᠲᠠ ᠵᠠᠯᠭᠠᠵᠤ᠂ ᠬᠥᠮᠥᠨ ᠤᠳᠤᠮ ᠤᠨ ᠴᠤᠭ ᠠᠰᠠᠭᠠᠵᠤ ᠶᠠᠪᠤᠭᠰᠠᠨ ᠁ | | ᠨᠠᠮᠤᠷᠵᠢᠶ᠎ᠠ ᠠᠴᠠ ᠨᠠᠭᠠᠰᠢᠯᠠᠬᠤ ᠨᠡᠭᠦᠳᠡᠯ ᠤᠨ ᠴᠤᠪᠤᠭ᠎ᠠ ᠤᠷᠳᠦ ᠶᠢᠨ ᠲᠠᠭᠤᠨ ᠤ ᠴᠤᠤᠷᠢᠶ᠎ᠠ ᠲᠠᠢ ᠠᠶᠠᠷ ᠠᠶᠠᠷ ᠰᠠᠵᠢᠯᠠᠨ᠎ᠠ᠃ | ᠤᠷᠠᠨ ᠲᠥᠷᠬᠦ ᠠᠬᠤᠢ ᠶᠢᠷᠲᠢᠨᠴᠦ ᠶᠢᠨ ᠤᠯᠠᠷᠢᠯ ᠬᠤᠪᠢᠰᠤᠯ ᠪᠦᠭᠦᠨ ᠥᠪᠡᠷ ᠤᠨ ᠥᠩᠭᠡ ᠪᠠᠷ ᠢᠶᠠᠨ ᠭᠠᠩᠬᠤᠬᠤ ᠪᠥᠭᠡᠳ ᠬᠥᠮᠥᠨ ᠪᠦᠭᠦᠨ ᠳᠤ ᠬᠦᠷᠲᠡᠭᠡᠬᠦ | ᠤᠨᠤᠭ ᠠᠯᠳᠠᠭ ᠴᠣ᠋ ᠠᠳᠠᠯᠢ ᠦᠭᠡᠢ᠃ | ᠵᠢᠷᠭᠠᠯ ᠢ ᠵᠢᠷᠭᠠᠯᠲᠠᠢ ᠡᠳ᠋ᠯᠡᠵᠦ ᠵᠣᠪᠠᠯ ᠭᠠᠭᠴᠠᠭᠠᠷᠳᠠᠯ ᠢ ᠴᠣ᠋ ᠭᠦᠷ ᠬᠥᠭᠵᠢᠯ ᠢᠶᠠᠷ ᠨᠣᠮᠣᠬᠠᠳᠬᠠᠨ ᠨᠠᠮᠤᠷᠵᠢᠬᠤ ᠬᠥᠮᠥᠨ ᠤᠬᠠᠭᠠᠨ ᠤ ᠰᠡᠳᠬᠢᠯ ᠤᠨ ᠲᠠᠮᠢᠷ | ᠲᠡᠷᠡ ᠪᠢᠯᠡ᠂ ᠬᠥᠬᠡ ᠮᠥᠩᠬᠡ ᠲᠡᠭᠷᠢ ᠠᠴᠠ ᠰᠣᠶᠣᠷᠬᠠᠭᠰᠠᠨ ᠢᠪᠡᠭᠡᠯ ᠴᠤ ᠲᠡᠷᠡ ᠶᠤᠮ ᠳ᠋ᠠ᠃ | ᠨᠠᠮᠤᠷ ᠭᠡᠭᠴᠢ ᠰᠢᠯᠦᠭᠴᠢ ᠬᠥᠮᠥᠨ ᠤ ᠰᠡᠳᠬᠢᠯ ᠤᠨ ᠠᠨᠢᠷ ᠢᠶᠠᠷ ᠱᠤᠤᠭᠢᠳᠠᠭ ᠤᠯᠠᠷᠢᠯ ᠰᠡᠨᠵᠢ᠃ ᠠᠮᠢᠳᠤᠷᠠᠯ ᠬᠠᠶᠢᠷ᠎ᠠ ᠶᠢᠨ ᠤᠶᠠᠩᠭ᠎ᠠ ᠶᠢ ᠰᠠᠨᠠᠯ | ᠮᠥᠷᠥᠭᠡᠳᠦᠯ ᠢᠶᠠᠷ ᠬᠡᠮᠨᠡᠵᠦ᠂ ᠨᠠᠮᠤᠷ ᠨᠠᠮᠤᠷ ᠤᠨ ᠳᠤᠷᠠᠰᠤᠮᠵᠢ ᠪᠠᠷ ᠢᠷᠠᠭᠤ ᠨᠠᠶᠢᠷᠠᠭ ᠢᠳᠡᠭᠡᠰᠢᠭᠦᠯᠦᠨ ᠰᠡᠳᠬᠢᠯ ᠤᠨ ᠤᠶᠠᠩᠭ᠎ᠠ ᠬᠠᠩᠭᠢᠨᠠᠭᠤᠯᠵᠤ᠂ ᠭᠦᠨ ᠨᠠᠮᠤᠷ ᠲᠤ | ᠬᠦᠨᠳᠦ ᠪᠠᠷ ᠰᠣᠭᠲᠣᠬᠤ ᠭᠡᠭᠴᠢ ᠪᠠᠰᠠ ᠨᠢᠭᠡᠨ ᠵᠢᠷᠭᠠᠯ ᠶᠤᠮᠰᠠᠨ᠃ |