ᠨᠢᠭᠡ ᠬᠡᠷᠡᠯ ᠵᠢᠷᠤᠭ ᠢᠶᠠᠷ ᠵᠣᠭᠤᠰ ᠢ ᠴᠢᠨᠢ ᠰᠡᠮᠡᠭᠡᠷ ᠰᠢᠯᠵᠢᠭᠦᠯᠤᠨ ᠠᠪᠠᠴᠢᠵᠦ ᠲᠡᠶᠢᠯᠦᠨ᠎ᠡ ᠭᠡᠨ᠎ᠡ ᠤᠤ︖
ᠨᠡᠶᠢᠲᠡᠯᠡᠭᠰᠡᠨ ᠴᠠᠭ᠄
2024/6/11
    ᠨᠢᠭᠡ ᠬᠡᠷᠡᠯ ᠵᠢᠷᠤᠭ ᠢᠶᠠᠷ ᠶᠠᠭᠤ ᠬᠢᠵᠦ ᠲᠡᠶᠢᠯᠬᠦ ᠪᠣᠢ︖ AI ᠮᠡᠷᠭᠡᠵᠢᠯ ᠢᠶᠠᠷ ᠨᠢᠭᠡᠨ ᠬᠡᠶᠢᠰᠪᠦᠷᠢ ᠸᠢᠳᠢᠣ᠋ ᠬᠢᠵᠦ ᠪᠣᠯᠤᠨ᠎ᠠ᠂ ᠪᠠᠰᠠ ᠭᠠᠷ ᠤᠲᠠᠰᠤᠨ ᠤ ᠨᠣᠮᠧᠷ ᠪᠠ ᠪᠠᠩᠬᠢ ᠶᠢᠨ ᠺᠠᠷᠲ ᠤᠨ ᠨᠣᠮᠧᠷ ᠢ ᠤᠷᠤᠭᠤᠯᠪᠠᠯ ᠴᠢᠮᠡᠭᠡ ᠢᠮᠡᠭᠡ ᠦᠭᠡᠢ ᠪᠠᠷ ᠴᠢᠨᠦ ᠪᠠᠩᠬᠢ ᠶᠢᠨ ᠺᠠᠷᠲ ᠤᠨ ᠵᠣᠭᠤᠰ ᠢ ᠰᠢᠯᠵᠢᠭᠦᠯᠵᠦ ᠪᠤᠯᠳᠠᠭ᠃    ᠨᠢᠭᠡᠨ AI ᠮᠡᠷᠭᠡᠵᠢᠯ ᠢᠶᠠᠷ ᠲᠤᠯᠭᠠᠭᠤᠷᠢ ᠪᠣᠯᠭᠠᠭᠰᠠᠨ ᠶᠠᠯᠠᠲᠤ ᠡᠪᠰᠡᠯ ᠪᠦᠯᠦᠭ ᠨᠢ AI ᠵᠥᠭᠡᠯᠡᠨ ᠲᠣᠨᠤᠭ ᠢ ᠠᠰᠢᠭᠯᠠᠨ ᠬᠥᠮᠦᠨ ᠤ ᠴᠢᠷᠠᠶ ᠶᠢᠨ ᠵᠢᠷᠤᠭ ᠢ ᠬᠥᠮᠦᠨ ᠤ ᠵᠢᠰᠦ ᠶᠢ ᠢᠯᠭᠠᠨ ᠲᠠᠨᠢᠬᠤ ᠶᠢ ᠰᠢᠯᠭᠠᠨ ᠪᠠᠲᠤᠯᠠᠬᠤ ᠸᠢᠳᠢᠣ᠋ ᠪᠣᠯᠭᠠᠵᠤ᠂ ᠭᠠᠷ ᠤᠲᠠᠰᠤᠨ ᠤ ᠨᠣᠮᠧᠷ ᠵᠢᠴᠢ ᠪᠠᠩᠬᠢ ᠶᠢᠨ ᠺᠠᠷᠲ ᠤᠨ ᠨᠣᠮᠧᠷ ᠲᠠᠢ ᠨᠢ ᠬᠠᠮᠲᠤ ᠬᠢᠯᠢ ᠶᠢᠨ ᠭᠠᠳᠠᠨᠠᠬᠢ ᠵᠣᠭᠤᠰ ᠨᠠᠭᠠᠳᠬᠤ ᠪᠤᠶᠤ ᠴᠠᠬᠢᠯᠭᠠᠨ ᠬᠤᠯᠪᠣᠭ᠎ᠠ ᠶᠢᠨ ᠰᠦᠯᠵᠢᠶᠡᠨ ᠤ ᠮᠡᠬᠡᠯᠡᠯ ᠤᠨ ᠵᠣᠬᠢᠶᠠᠨ ᠪᠠᠶᠢᠭᠤᠯᠤᠯᠲᠠ ᠳᠤ ᠪᠣᠭᠤᠳᠠᠯᠯᠠᠨ ᠬᠤᠳᠠᠯᠳᠤᠵᠤ ᠶᠠᠪᠤᠭᠤᠯᠤᠭᠠᠳ ᠠᠰᠢᠭ ᠣᠯᠵᠠᠶ᠃ ᠪᠠᠶᠢᠴᠠᠭᠠᠭᠰᠠᠨ ᠢᠶᠠᠷ᠂ ᠲᠣᠰ ᠡᠪᠰᠡᠯ ᠪᠦᠯᠦᠭ ᠤᠨ ᠬᠢᠨ 50 ᠭᠠᠷᠤᠶ ᠬᠥᠮᠦᠨ ᠤ ᠨᠢᠭᠤᠷ ᠤᠨ ᠵᠢᠷᠤᠭ᠂ 100 ᠭᠠᠷᠤᠶ ᠪᠠᠩᠬᠢ ᠶᠢᠨ ᠺᠠᠷᠲ ᠪᠤᠯᠤᠨ ᠤᠳᠠᠰᠤᠨ ᠺᠠᠷᠲ ᠢ ᠬᠤᠳᠠᠯᠳᠤᠨ ᠠᠪᠤᠭᠠᠳ ᠬᠢᠯᠢ ᠶᠢᠨ ᠭᠠᠳᠠᠨᠠᠬᠢ ᠴᠠᠬᠢᠯᠭᠠᠨ ᠬᠤᠯᠪᠣᠭ᠎ᠠ ᠶᠢᠨ ᠰᠦᠯᠵᠢᠶᠡᠨ ᠤ ᠮᠡᠬᠡᠯᠡᠯ ᠤᠨ ᠶᠠᠯᠠᠲᠤ ᠡᠲᠡᠭᠡᠳ ᠢ ᠬᠠᠪᠰᠤᠷᠤᠨ 7000 ᠲᠦᠮᠡᠨ ᠲᠥᠭᠦᠷᠢᠭ ᠤᠨ ᠵᠣᠭᠤᠰ ᠤᠬᠢᠶᠠᠵᠦ ᠳᠤᠮᠳᠠ ᠠᠴᠠ ᠨᠢ ᠬᠠᠤᠯᠢ ᠪᠤᠰᠤ ᠪᠠᠷ ᠠᠰᠢᠭ ᠣᠯᠤᠭᠰᠠᠨ ᠪᠠᠶᠢᠨ᠎ᠠ᠃    ᠴᠠᠭᠳᠠᠭᠠᠨ ᠤ ᠲᠠᠯ᠎ᠠ ᠶᠢᠨ ᠬᠢᠨ᠄ ᠥᠷᠭᠡᠨ ᠣᠯᠠᠨ ᠲᠦᠮᠡᠨ ᠬᠤᠪᠢ ᠬᠥᠮᠦᠨ ᠤ ᠮᠡᠳᠡᠭᠡ ᠵᠠᠩᠭᠢ ᠪᠠᠨ ᠰᠠᠶᠢᠲᠤᠷ ᠬᠠᠮᠠᠭᠠᠯᠠᠵᠤ᠂ ᠭᠠᠷ ᠤᠲᠠᠰᠤᠨ ᠨᠣᠮᠧᠷ᠂ ᠪᠠᠩᠬᠢ ᠶᠢᠨ ᠲᠠᠩᠰᠠᠨ ᠨᠣᠮᠧᠷ ᠢᠶᠠᠨ ᠵᠠᠳᠠᠷᠠᠭᠤᠯᠵᠤ ᠪᠣᠯᠬᠤ ᠥᠬᠡᠶ ᠭᠡᠵᠦ ᠰᠠᠨᠠᠭᠤᠯᠪᠠ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ