ᠬᠢᠷᠢ ᠲᠡᠩᠴᠡᠬᠦ ᠦᠭᠡᠢ︕ ᠪᠢᠲᠡᠭᠡᠶ ᠠᠪ︕ ᠪᠢᠲᠡᠭᠡᠶ ᠢᠲᠠ︕
ᠨᠡᠶᠢᠲᠡᠯᠡᠭᠰᠡᠨ ᠴᠠᠭ᠄
2024/6/11
    ᠣᠶᠢᠷ᠎ᠠ ᠳᠤ᠂ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠶᠡᠷᠦᠩᠬᠡᠶ ᠲᠣᠪᠴᠢᠶ᠎ᠠ ᠪᠣᠯᠤᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠬᠠᠮᠲᠤᠷᠠᠨ ᠢᠳᠡᠭᠡᠨ ᠤ ᠠᠮᠤᠷ ᠲᠦᠪᠰᠢᠨ ᠳᠤ ᠬᠢᠨᠠᠯᠲᠠ ᠲᠠᠯᠪᠢᠵᠤ ᠰᠤᠭᠤᠴᠢᠨ ᠪᠠᠶᠢᠴᠠᠭᠠᠬᠤ ᠪᠠ ᠦᠨᠡᠯᠡᠯᠲᠡ ᠶᠢᠨ ᠴᠢᠨᠠᠷᠲᠠᠶ ᠰᠤᠭᠤᠴᠢᠨ ᠪᠠᠶᠢᠴᠠᠭᠠᠬᠤ ᠠᠵᠢᠯ ᠢ ᠵᠣᠬᠢᠶᠠᠨ ᠪᠠᠶᠢᠭᠤᠯᠵᠤ᠂ ᠬᠠᠭᠤᠷᠠᠭᠰᠠᠨ ᠢᠳᠡᠭᠡᠨ ᠵᠢᠴᠢ ᠬᠠᠲᠠᠭᠤ ᠵᠢᠮᠢᠰ ᠤᠨ ᠪᠦᠲᠦᠭᠡᠭᠳᠡᠬᠦᠨ᠂ ᠴᠠᠷᠳᠠᠭᠤᠯ ᠵᠢᠴᠢ ᠴᠠᠷᠳᠠᠭᠤᠯ ᠤᠨ ᠪᠦᠲᠦᠭᠡᠭᠳᠡᠬᠦᠨ᠂ ᠠᠮᠲᠠ ᠣᠷᠣᠭᠤᠯᠤᠬᠴᠢ᠂ ᠪᠤᠷᠴᠠᠭ ᠤᠨ ᠪᠦᠲᠦᠭᠡᠭᠳᠡᠬᠦᠨ᠂ ᠲᠦᠬᠦᠮ ᠢᠳᠡᠭᠡᠨ᠂ ᠪᠣᠭᠤᠷᠰᠤᠭ᠂ ᠭᠤᠸᠠᠨᠲ᠋ᠧᠦ᠂ ᠠᠷᠢᠬᠢᠨ ᠤ ᠵᠦᠢᠯ᠂ ᠠᠮᠤ ᠪᠤᠳᠠᠭᠠᠨ ᠤ ᠪᠣᠯᠪᠠᠰᠤᠷᠠᠭᠤᠯᠤᠭᠰᠠᠨ ᠪᠦᠲᠦᠭᠡᠭᠳᠡᠬᠦᠨ᠂ ᠮᠢᠬᠠᠨ ᠤ ᠢᠳᠡᠭᠡᠨ᠂ ᠴᠠᠭᠠᠨ ᠢᠳᠡᠭᠡ᠂ ᠰᠢᠬᠢᠷ᠂ ᠢᠳᠡᠰᠢᠨ ᠤ ᠲᠠᠷᠢᠶᠠᠯᠠᠩ ᠤᠨ ᠪᠦᠲᠦᠭᠡᠭᠳᠡᠬᠦᠨ᠂ ᠢᠳᠡᠰᠢᠨ ᠲᠤᠰᠦ᠂ ᠲᠣᠰᠣ ᠵᠢᠴᠢ ᠲᠡᠭᠦᠨ ᠤ ᠪᠦᠲᠦᠭᠡᠭᠳᠡᠬᠦᠨ᠂ ᠢᠳᠡᠰᠢᠨ ᠨᠣᠭᠤᠭᠠᠨ ᠤ ᠪᠦᠲᠦᠭᠡᠭᠳᠡᠬᠦᠨ᠂ ᠵᠢᠮᠢᠰ ᠤᠨ ᠪᠦᠲᠦᠭᠡᠭᠳᠡᠬᠦᠨ᠂ ᠰᠢᠬᠢᠷ ᠵᠢᠮᠢᠰ ᠤᠨ ᠪᠦᠲᠦᠭᠡᠭᠳᠡᠬᠦᠨ᠂ ᠤᠮᠳᠠᠭᠠᠨ᠂ ᠢᠳᠡᠭᠡᠨ ᠤᠮᠳᠠᠭᠠᠨ ᠵᠡᠷᠭᠡ 19 ᠶᠡᠭᠡ ᠲᠥᠷᠥᠯ ᠤᠨ ᠢᠳᠡᠭᠡᠨ ᠤᠮᠳᠠᠭᠠᠨ ᠤ ᠨᠡᠶᠢᠲᠡ 310 ᠪᠦᠯᠦᠭ ᠤᠨ ᠦᠯᠢᠭᠡᠷ ᠡᠳ᠋ ᠢ ᠰᠤᠭᠤᠴᠢᠨ ᠪᠠᠶᠢᠴᠠᠭᠠᠬᠰᠠᠨ ᠳᠤ᠂ ᠡᠭᠦᠨ ᠤ ᠲᠤᠳᠤᠷᠠᠬᠢ 10 ᠪᠦᠯᠦᠭ ᠤᠳᠠᠭ᠎ᠠ ᠶᠢᠨ ᠦᠯᠢᠭᠡᠷ ᠡᠳ᠋ ᠨᠢ ᠬᠢᠷᠢ ᠲᠡᠩᠴᠡᠭᠰᠡᠨ ᠦᠭᠡᠢ ᠂ ᠡᠨᠡ ᠨᠢ ᠭᠤᠤᠯᠳᠠᠭᠤ ᠢᠳᠡᠭᠡᠨ ᠤ ᠨᠡᠮᠡᠯᠲᠡ ᠡᠳ᠋ ᠢ ᠬᠡᠮᠵᠢᠶ᠎ᠡ ᠠᠴᠠ ᠨᠢ ᠬᠡᠲᠦᠷᠡᠲᠡᠯ᠎ᠡ ᠭᠡᠷᠡᠭᠯᠡᠭᠰᠡᠨ᠂ ᠲᠠᠷᠢᠶᠠᠨ ᠡᠮ ᠤᠨ ᠦᠯᠡᠳᠡᠭᠳᠡᠯ ᠨᠢ ᠪᠠᠷᠢᠮᠵᠢᠶ᠎ᠠ ᠠᠴᠠ ᠬᠡᠲᠦᠷᠡᠭᠰᠡᠨ᠂ ᠮᠠᠯ ᠤᠨ ᠡᠮ ᠤᠨ ᠦᠯᠡᠳᠡᠭᠳᠡᠯ ᠨᠢ ᠪᠠᠷᠢᠮᠵᠢᠶ᠎ᠠ ᠠᠴᠠ ᠬᠡᠲᠦᠷᠡᠭᠰᠡᠨ᠂ ᠮᠢᠺᠷᠣᠪ ᠤᠨ ᠪᠣᠬᠢᠷᠲᠤᠯ ᠤᠨ ᠠᠰᠠᠭᠤᠳᠠᠯ ᠵᠡᠷᠭᠡ ᠪᠤᠯᠤᠨ᠎ᠠ᠃    ᠰᠤᠭᠤᠴᠢᠨ ᠪᠠᠶᠢᠴᠠᠭᠠᠬᠤ ᠳᠤᠮᠳᠠ ᠢᠯᠡᠷᠡᠭᠦᠯᠦᠭᠰᠡᠨ ᠬᠢᠷᠢ ᠲᠡᠩᠴᠡᠭᠦ ᠥᠬᠡᠶ ᠢᠳᠡᠭᠡᠨ ᠤ ᠲᠤᠬᠠᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠠᠴᠠ ᠬᠥᠬᠡᠬᠤᠲᠠ᠂ ᠣᠷᠳᠣᠰ ᠬᠤᠲᠠ᠂ ᠤᠯᠠᠭᠠᠨᠴᠠᠪ ᠬᠤᠲᠠ᠂ ᠲᠦᠩᠯᠢᠶᠣᠤ ᠬᠤᠲᠠ ᠵᠡᠷᠭᠡ ᠭᠠᠵᠠᠷ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠢ ᠬᠢᠨᠠᠨ ᠪᠠᠶᠢᠴᠠᠭᠠᠵᠤ ᠰᠢᠢᠳᠪᠦᠷᠢᠯᠡᠬᠦ ᠠᠵᠢᠯ ᠢ ᠳᠠᠷᠤᠶ ᠲᠦᠷᠭᠡᠨ ᠵᠣᠬᠢᠶᠠᠨ ᠪᠠᠶᠢᠭᠤᠯᠤᠨ ᠥᠷᠨᠢᠭᠦᠯᠵᠦ᠂ ᠦᠢᠯᠡᠳᠬᠦᠨ ᠤ ᠬᠦᠢᠯᠭᠡᠭᠡᠨ ᠤ ᠬᠠᠨᠳᠤᠰᠢ ᠶᠢ ᠪᠠᠶᠢᠴᠠᠭᠠᠨ ᠳᠣᠲᠣᠯᠠᠵᠤ᠂ ᠠᠵᠤ ᠠᠬᠤᠶᠢᠯᠠᠯ ᠤᠨ ᠬᠢᠷᠢ ᠲᠡᠩᠴᠡᠭᠦ ᠥᠬᠡᠶ ᠦᠢᠯᠡᠳᠬᠦᠨ ᠢ ᠵᠠᠬ᠎ᠠ ᠳᠡᠯᠭᠡᠭᠦᠷ ᠠᠴᠠ ᠪᠠᠭᠤᠯᠭᠠᠨ ᠡᠭᠡᠭᠦᠯᠦᠨ ᠠᠪᠴᠢᠷᠠᠬᠤ ᠵᠡᠷᠭᠡ ᠠᠷᠭ᠎ᠠ ᠬᠡᠮᠵᠢᠶ᠎ᠡ ᠠᠪᠴᠤ ᠠᠶᠤᠯ ᠲᠦᠭᠰᠢᠭᠦᠷᠢ ᠶᠢ ᠡᠵᠡᠮᠳᠡᠬᠦ ᠬᠡᠷᠡᠭᠲᠡᠶ︔ ᠬᠠᠤᠯᠢ ᠲᠣᠭᠲᠠᠭᠠᠯ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠬᠠᠤᠯᠢ ᠶᠣᠰᠣᠭᠠᠷ ᠴᠢᠩᠭ᠎ᠠ ᠰᠢᠢᠳᠪᠦᠷᠢᠯᠡᠬᠦ ᠬᠡᠷᠡᠭᠲᠡᠶ︔ ᠠᠵᠤ ᠠᠬᠤᠶᠢᠯᠠᠯ ᠤᠨ ᠠᠪᠤᠭᠰᠠᠨ ᠠᠶᠤᠯ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠪᠠ ᠬᠠᠷᠭᠤᠭᠤᠯᠤᠨ ᠪᠠᠶᠢᠴᠠᠭᠠᠵᠤ ᠰᠢᠢᠳᠪᠦᠷᠢᠯᠡᠭᠰᠡᠨ ᠪᠠᠶᠢᠳᠠᠯ ᠢ ᠴᠠᠭ ᠲᠤᠬᠠᠶ ᠳᠤᠨᠢ ᠨᠡᠶᠢᠭᠡᠮ ᠨᠡᠶᠢᠲᠡ ᠳᠤ ᠢᠯᠡ ᠨᠡᠶᠢᠳᠡᠯᠡᠬᠦ ᠶᠢᠨ ᠬᠠᠮᠲᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠳᠤ ᠮᠡᠳᠡᠭᠦᠯᠬᠦ ᠬᠡᠷᠡᠭᠲᠡᠶ ᠭᠡᠵᠦ ᠵᠠᠷᠯᠢᠬᠳᠠᠨ ᠱᠠᠭᠠᠷᠳᠠᠪᠠ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ