ᠲᠠᠪᠤᠨ ᠥᠩᠭᠡ ᠶᠢᠨ ᠬᠠᠳᠠᠭ ᠤᠨ ᠪᠡᠯᠭᠡᠳᠡᠯ
ᠨᠡᠶᠢᠲᠡᠯᠡᠭᠰᠡᠨ ᠴᠠᠭ᠄
2024/6/3
    ᠳᠡᠭᠡᠷ᠎ᠡ ᠦᠶ᠎ᠡ ᠳᠤ ᠬᠥᠷᠥᠩᠭᠡ ᠴᠢᠨᠡᠭᠡ ᠶᠡᠬᠡᠲᠡᠢ ᠠᠶᠢᠯ ᠤᠳ ᠴᠠᠭᠠᠨ ᠰᠠᠷ᠎ᠠ ᠶᠢᠨ ᠪᠢᠲᠡᠭᠦᠨ ᠳᠤ ᠲᠠᠪᠤᠨ ᠥᠩᠭᠡ ᠶᠢᠨ ᠬᠠᠳᠠᠭ ᠢ ᠪᠤᠷᠬᠠᠨ ᠰᠢᠳᠦᠭᠡᠨ ᠤ ᠪᠠᠨ ᠳᠡᠭᠡᠷ᠎ᠡ ᠳᠡᠯᠭᠡᠵᠦ᠂ ᠠᠷᠢᠬᠢᠨ ᠤ ᠪᠠᠨ ᠳᠡᠭᠡᠵᠢ ᠠᠴᠠ ᠴᠦᠭᠦᠴᠡᠨ ᠳᠤ ᠬᠢᠵᠦ ᠳᠡᠭᠡᠵᠢᠯᠡᠨ ᠲᠠᠯᠪᠢᠭᠠᠳ᠂ ᠡᠪᠬᠡᠮᠡᠯ ᠰᠤᠷ ᠢᠶᠠᠨ ᠠᠪᠳᠠᠷ᠎ᠠ ᠳᠠᠭᠠᠨ ᠬᠠᠳᠠᠭᠠᠯᠠᠳᠠᠭ ᠪᠠᠶᠢᠭᠰᠠᠨ ᠠᠵᠢ᠃    ︽ᠲᠠᠪᠤᠨ ᠥᠩᠭᠡ ᠶᠢᠨ ᠬᠠᠳᠠᠭ︾ ᠢ ᠬᠠᠳᠠᠭᠠᠯᠠᠵᠤ᠂ ᠪᠤᠶᠠᠨ ᠲᠣᠭᠲᠠᠭᠠᠵᠤ ᠪᠠᠶᠠᠨ ᠴᠢᠨᠡᠭᠡᠯᠢᠭ᠂ ᠭᠠᠢ ᠭᠠᠷᠤᠵᠠ ᠦᠭᠡᠢ᠂ ᠡᠩᠭᠡ ᠲᠦᠪᠰᠢᠨ ᠶᠠᠪᠤᠬᠤ ᠶᠢ ᠪᠡᠯᠭᠡᠳᠡᠳᠡᠭ᠃ ᠲᠠᠪᠤᠨ ᠥᠩᠭᠡ ᠶᠢᠨ ᠬᠠᠳᠠᠭ ᠢ ᠳᠠᠷᠠᠭᠠᠬᠢ ᠵᠠᠩ ᠦᠢᠯᠡ ᠶᠢ ᠪᠦᠲᠦᠭᠡᠬᠦ ᠳᠤ ᠵᠣᠷᠢᠭᠤᠯᠤᠨ ᠠᠰᠢᠭᠯᠠᠳᠠᠭ ᠪᠠᠶᠢᠨ᠎ᠠ᠃    ᠴᠠᠭᠠᠨ ᠬᠠᠳᠠᠭ᠄ ᠡᠬᠡ ᠶᠢᠨ ᠰᠦᠨ ᠤ ᠥᠩᠭᠡ ᠲᠠᠢ᠂ ᠰᠡᠳᠬᠢᠯ ᠠᠷᠢᠭᠤᠨ᠂ ᠪᠣᠳᠢ ᠰᠡᠳᠬᠢᠯᠭᠡ ᠲᠠᠢ᠂ ᠥᠭᠭᠦᠯᠡᠭᠴᠢ ᠪᠤᠶᠠᠨ ᠲᠠᠢ᠃ ᠬᠠᠷᠠᠩᠭᠤᠢ ᠶᠢ ᠭᠡᠶᠢᠬᠦᠯᠳᠡᠭ ᠠᠮᠤᠷᠯᠢᠩᠭᠤᠢ ᠶᠢᠨ ᠥᠩᠭᠡ ᠤᠴᠢᠷ ᠡᠪᠡᠳᠴᠢᠨ᠂ ᠪᠠᠷᠴᠢᠳ᠂ ᠠᠳᠠ᠂ ᠲᠣᠳᠬᠠᠷ᠂ ᠬᠤᠯᠠᠭᠠᠢ ᠳᠡᠭᠡᠷᠡᠮ ᠢ ᠠᠷᠢᠯᠭᠠᠬᠤ᠂ ᠰᠠᠨᠠᠭᠰᠠᠨ ᠵᠦᠢᠯ ᠢ ᠪᠦᠲᠦᠭᠡᠬᠦ ᠳᠤ ᠪᠡᠯᠭᠡᠰᠢᠶᠡᠳᠡᠭ᠃    ᠰᠢᠷ᠎ᠠ ᠬᠠᠳᠠᠭ᠄ ᠠᠯᠢᠪᠠ ᠮᠠᠭᠤ ᠪᠦᠬᠦᠨ ᠤ ᠵᠠᠶᠢᠯᠠᠭᠤᠯᠵᠤ᠂ ᠴᠤᠭ ᠵᠣᠯᠪᠣᠭ᠎ᠠ᠂ ᠨᠠᠰᠤ ᠪᠤᠶᠠᠨ᠂ ᠲᠡᠭᠦᠰ ᠡᠳ᠋ᠯᠡᠯ᠂ ᠢᠷᠠᠭᠤ ᠠᠯᠳᠠᠷ᠂ ᠱᠠᠰᠢᠨ ᠤ ᠢᠵᠠᠭᠤᠷ ᠦᠨᠳᠦᠰᠦ ᠶᠢ ᠰᠢᠨ᠎ᠡ ᠶᠢᠨ ᠰᠠᠷ᠎ᠠ ᠮᠡᠲᠦ ᠳᠡᠯᠭᠡᠷᠡᠭᠦᠯᠬᠦ ᠦᠢᠯᠡ ᠶᠢ ᠪᠦᠲᠦᠭᠡᠨ᠎ᠡ᠃    ᠤᠯᠠᠭᠠᠨ ᠬᠠᠳᠠᠭ᠄ ᠭᠠᠯ ᠭᠤᠯᠣᠮᠲᠠ ᠪᠠᠳᠠᠷᠠᠨ ᠳᠡᠭᠡᠭᠰᠢᠯᠡᠬᠦ ᠶᠢᠨ ᠪᠡᠯᠭᠡᠳᠡᠯ᠃ ᠶᠢᠷᠲᠢᠨᠴᠦ ᠶᠢᠨ ᠶᠢᠰᠦᠨ ᠬᠦᠰᠡᠯ ᠢ ᠪᠦᠷᠢᠳᠦᠭᠦᠯᠬᠦ ᠪᠦᠬᠦ ᠵᠦᠢᠯ ᠢ ᠥᠪᠡᠷᠲᠡᠭᠡᠨ ᠪᠤᠶᠤ ᠨᠠᠭᠠᠰᠢ ᠪᠠᠨ ᠬᠤᠷᠢᠶᠠᠬᠤ ᠦᠢᠯᠡ ᠶᠢ ᠪᠦᠲᠦᠭᠡᠨ᠎ᠡ᠃    ᠴᠡᠩᠬᠡᠷ ᠬᠠᠳᠠᠭ᠄ ᠮᠥᠩᠬᠡ ᠲᠡᠭᠷᠢ ᠶᠢᠨ ᠥᠩᠭᠡ᠂ ᠠᠮᠤᠷ ᠲᠠᠶᠢᠪᠤᠩ ᠤᠨ ᠪᠡᠯᠭᠡᠳᠡᠯ᠂ ᠠᠯᠢᠪᠠ ᠬᠤᠣᠷᠯᠠᠯ ᠦᠢᠯᠡᠳᠬᠦ ᠬᠤᠣᠷᠲᠠᠨ ᠳᠠᠶᠢᠰᠤᠨ ᠪᠦᠭᠦᠳᠡ ᠶᠢ ᠭᠡᠰᠬᠡᠨ ᠴᠡᠭᠡᠷᠯᠡᠭᠦᠯᠬᠦ ᠦᠢᠯᠡ ᠶᠢ ᠪᠦᠲᠦᠭᠡᠨ᠎ᠡ᠃    ᠨᠣᠭᠤᠭᠠᠨ ᠬᠠᠳᠠᠭ᠄ ᠳᠡᠯᠭᠡᠷᠡᠨ ᠠᠷᠪᠢᠵᠢᠬᠤ ᠶᠢᠨ ᠪᠡᠯᠭᠡᠳᠡᠯ ᠲᠠᠢ᠃ ᠳᠡᠭᠡᠷᠡᠬᠢ ᠪᠡᠯᠭᠡᠳᠡᠯ ᠤᠳ ᠢ ᠪᠣᠳᠣᠵᠤ ᠬᠠᠳᠠᠭ ᠢ ᠠᠷᠭᠠᠮᠵᠢ᠂ ᠰᠤᠷ᠂ ᠤᠰᠤ ᠦᠭᠡᠢ ᠬᠠᠷ᠎ᠠ ᠠᠷᠢᠬᠢᠨ ᠤ ᠬᠠᠮᠲᠤ ᠬᠠᠳᠠᠭᠠᠯᠠᠳᠠᠭ ᠪᠥᠭᠡᠳ ᠠᠷᠭᠠᠮᠵᠢ᠂ ᠰᠤᠷ ᠨᠢ ᠮᠠᠯ ᠤᠨ ᠵᠠᠶᠠᠭ᠎ᠠ ᠲᠣᠭᠲᠠᠭᠠᠬᠤ᠂ ᠠᠷᠢᠬᠢ ᠨᠢ ᠪᠤᠰᠤᠳ ᠪᠦᠬᠦ ᠪᠤᠶᠠᠨ ᠲᠣᠭᠲᠠᠭᠠᠨ᠎ᠠ ᠭᠡᠰᠡᠨ ᠰᠠᠨᠠᠭ᠎ᠠ ᠪᠠᠷ ᠰᠦᠰᠦᠭᠯᠡᠨ ᠬᠠᠳᠠᠭᠠᠯᠠᠵᠤ ᠢᠷᠠᠵᠠᠢ᠃    ᠡᠶᠢᠨ ᠡᠭᠦᠳᠡᠨ ᠠᠴᠠ ᠠᠷᠢᠬᠢ ᠬᠠᠳᠠᠭ ᠬᠤᠶᠠᠷ ᠢ ᠴᠤᠭ ᠬᠠᠳᠠᠭᠠᠯᠠᠪᠠᠰᠤ ᠡᠳ᠋ ᠮᠥᠩᠭᠦ ᠲᠣᠭᠲᠠᠬᠤ᠂ ᠠᠮᠤᠷ ᠲᠠᠶᠢᠪᠤᠩ ᠠᠮᠢᠳᠤᠷᠠᠬᠤ ᠪᠡᠯᠭᠡᠳᠡᠯ ᠣᠷᠣᠰᠢᠨ᠎ᠠ ᠬᠡᠮᠡᠳᠡᠭ ᠪᠠᠶᠢᠨ᠎ᠠ᠃
ᠢᠷᠡᠯᠲᠡ᠄ ᠳᠤᠯᠤᠨ ᠨᠠᠭᠤᠷ ᠰᠢᠶᠠᠨ ᠤ ᠠᠷᠠᠳ ᠤᠨ ᠵᠠᠰᠠᠭ ᠤᠨ ᠤᠷᠳᠤᠨ