ᠮᠤᠩᠭᠤᠯᠴᠤᠳ ᠤᠨ ᠮᠤᠷᠢᠨ ᠤ ᠰᠢᠲᠦᠯᠭᠡ ︵ᠨᠢᠭᠡ︶
ᠨᠡᠶᠢᠲᠡᠯᠡᠭᠰᠡᠨ ᠴᠠᠭ᠄
2024/8/29
    ᠮᠤᠩᠭᠤᠯᠴᠤᠳ ᠤᠨ ᠠᠲᠤᠭᠤᠨ ᠤ ᠲᠤᠬᠠᠢ ᠤᠶᠤᠨ ᠤ ᠰᠤᠶᠤᠯ ᠨᠢ ᠵᠢᠷᠤᠭ ᠱᠤᠭᠤᠮᠠᠯ᠂ ᠦᠯᠢᠭᠡᠷ ᠲᠤᠤᠯᠢ᠂ ᠲᠠᠭᠤᠤ ᠰᠢᠯᠦᠭ᠂ ᠲᠡᠬᠢᠯ ᠮᠦᠷᠭᠦᠯ᠂ ᠠᠮᠢᠲᠤᠷᠠᠯ ᠬᠡᠷᠡᠭᠰᠡᠯ ᠤᠨ ᠴᠢᠮᠡᠭᠯᠡᠯ ᠭᠡᠬᠦ ᠮᠡᠲᠦ ᠦᠷᠭᠡᠨ ᠬᠡᠪᠴᠢᠶᠡᠨ ᠳᠤ ᠠᠯᠢᠨ ᠳᠤᠨᠢ ᠴᠦ ᠲᠤᠲᠠᠭᠲᠠᠬᠤ ᠦᠭᠡᠢ ᠠᠭᠤᠯᠤᠬᠲᠠᠵᠤ ᠪᠠᠶᠢᠲᠠᠭ ᠪᠢᠯᠡ᠃    1. ᠬᠠᠲᠠᠨ ᠵᠢᠷᠤᠭ ᠲᠤ ᠢᠯᠡᠷᠡᠭᠰᠡᠨ ᠮᠤᠷᠢᠨ ᠤ ᠰᠢᠲᠦᠯᠭᠡ    ᠮᠤᠨᠢ ᠠᠭᠤᠯᠠ ᠶᠢᠨ ᠬᠠᠲᠠᠨ ᠵᠢᠷᠤᠭ ᠲᠤ ᠠᠮᠢᠲᠠᠨ ᠤ ᠵᠢᠷᠤᠭ ᠵᠤᠩᠬᠢ ᠲᠤᠭ᠎ᠠ ᠶᠢ ᠡᠵᠡᠯᠡᠲᠡᠭ᠂ ᠲᠡᠭᠦᠨᠴᠢᠯᠡᠨ ᠠᠮᠢᠲᠠᠨ ᠤ ᠲᠤᠲᠤᠷ᠎ᠠ ᠨᠢ ᠡᠯ᠎ᠡ ᠵᠦᠢᠯ ᠤᠨ ᠮᠤᠷᠢ ᠪᠤᠯᠤᠨ ᠮᠤᠷᠢᠲᠠᠨ ᠤ ᠵᠢᠷᠤᠭ ᠨᠡᠯᠢᠶᠡᠳ ᠶᠡᠭᠡ ᠬᠠᠷᠢᠴᠠᠯ ᠢ ᠡᠵᠡᠯᠡᠨ᠎ᠡ᠃ ᠡᠭᠦᠨ ᠠᠴᠠ ᠦᠵᠡᠪᠡᠯ ᠮᠤᠷᠢ ᠨᠢ ᠠᠩ ᠠᠩᠨᠠᠯ᠂ ᠮᠠᠯ ᠮᠠᠯᠯᠠᠭ᠎ᠠ ᠶᠢᠨ ᠴᠢᠬᠤᠯᠠ ᠪᠠᠶᠢᠷᠢ ᠶᠢ ᠡᠵᠡᠯᠡᠵᠤ ᠪᠠᠶᠢᠵᠠᠢ᠃ ᠮᠤᠨᠢ ᠠᠭᠤᠯᠠ ᠶᠢᠨ ᠬᠠᠲᠠᠨ ᠵᠢᠷᠤᠭ ᠤᠨ ᠰᠡᠲᠦᠪᠯᠡᠭᠦᠨ ᠨᠢ ᠵᠠᠷᠢᠮ ᠨᠢ ᠬᠡᠷᠡᠭ ᠤᠴᠢᠷ ᠤᠨ ᠲᠡᠮᠲᠡᠭᠯᠡᠯ ᠮᠥᠨ᠂ ᠭᠡᠪᠡᠴᠦ ᠲᠡᠭᠦᠨ ᠤ ᠲᠤᠲᠤᠷᠠᠬᠢ ᠴᠦᠭᠡᠨ ᠪᠤᠰᠤ ᠨᠢ ᠪᠠᠯᠠᠷᠯᠢᠭ ᠱᠠᠰᠢᠨ ᠲᠠᠢ ᠬᠤᠯᠪᠤᠭ᠎ᠠ ᠲᠠᠢ᠃ ᠲᠤᠭ᠎ᠠ ᠪᠠᠷ ᠬᠠᠮᠤᠭ ᠤᠨ ᠠᠷᠪᠢᠨ ᠠᠮᠢᠲᠠᠨ ᠤ ᠵᠢᠷᠤᠭ ᠢᠶᠠᠷ ᠠᠪᠴᠦ ᠦᠵᠡᠬᠦ ᠳᠤ ᠨᠡᠭᠦᠲᠡᠯ ᠮᠠᠯᠵᠢᠯ ᠤᠨ ᠶᠢᠷᠲᠢᠨᠴᠦ ᠶᠢᠨ ᠪᠤᠲᠠᠲᠤ ᠠᠮᠢᠲᠤᠷᠠᠯ ᠤᠨ ᠲᠤᠰᠬᠠᠯ ᠭᠡᠵᠦ ᠬᠡᠯᠡᠬᠦ ᠶᠢᠨ ᠤᠷᠤᠨ ᠳᠤ ᠲᠡᠯᠡᠬᠡᠢ ᠲᠡᠭᠡᠷ᠎ᠡ ᠨᠡᠶᠢᠲᠡᠮ ᠤᠷᠤᠰᠢᠵᠤ ᠪᠠᠶᠢᠬᠰᠠᠨ ᠠᠮᠢᠲᠠᠨ ᠤ ᠰᠢᠲᠦᠯᠭᠡ ᠶᠢᠨ ᠤᠷᠠᠯᠢᠭ ᠲᠤᠰᠬᠠᠯ ᠭᠡᠵᠦ ᠦᠵᠡᠬᠦ ᠨᠢ ᠢᠲᠡᠭᠡᠮᠵᠲᠡᠢ᠃ ᠮᠤᠨᠢ ᠠᠭᠤᠯᠠ ᠨᠢᠷᠤᠭᠤ᠂ ᠠᠯᠲᠠᠢ ᠠᠭᠤᠯᠠ ᠨᠢᠷᠤᠭᠤ ᠮᠡᠲᠦ ᠶᠢᠨ ᠮᠤᠩᠭᠤᠯ ᠤᠨ ᠦᠨᠲᠦᠷᠯᠢᠭ ᠤᠨ ᠬᠠᠲᠠᠨ ᠵᠢᠷᠤᠭ ᠲᠠᠬᠢ ᠮᠤᠷᠢ ᠪᠣᠯ ᠮᠤᠩᠭᠤᠯ ᠤᠨ ᠦᠨᠲᠦᠷᠯᠢᠭ ᠤᠨ ᠪᠠᠯᠠᠷ ᠡᠷᠲᠡᠨ ᠤ ᠤᠵᠤᠭᠤᠷ ᠢᠷᠭᠡᠳ ᠤᠨ ᠮᠤᠷᠢᠨ ᠤ ᠰᠢᠲᠦᠯᠭᠡ ᠶᠢᠨ ᠲᠤᠰᠬᠠᠯ ᠮᠥᠨ᠃ ᠮᠤᠨᠢ ᠠᠭᠤᠯᠠ ᠶᠢᠨ ᠬᠠᠲᠠᠨ ᠵᠢᠷᠤᠭ ᠲᠤ ᠴᠡᠭᠡᠵᠢᠨ ᠤ ᠡᠮᠤᠨ᠎ᠡ ᠬᠤᠶᠠᠷ ᠭᠠᠷ ᠢᠶᠠᠨ ᠬᠠᠪᠰᠤᠷᠤᠨ ᠮᠤᠷᠢᠨ ᠳᠤ ᠵᠠᠯᠪᠠᠷᠢᠵᠤ ᠪᠠᠶᠢᠭ᠎ᠠ ᠪᠤᠶᠤ ᠬᠦᠮᠦᠨ ᠤ ᠵᠢᠷᠤᠭ ᠬᠢᠭᠡᠳ ᠵᠡᠷᠯᠢᠭ ᠠᠲᠤᠭᠤᠨ ᠰᠦᠷᠦᠭ ᠤᠨ ᠬᠠᠵᠠᠭᠤᠲᠠ ᠪᠦᠵᠢᠭᠯᠡᠵᠤ ᠪᠠᠶᠢᠭ᠎ᠠ ᠵᠢᠷᠤᠭ ᠪᠠᠷ ᠴᠦᠮ ᠰᠢᠲᠦᠭᠡᠨ ᠮᠤᠷᠢᠨ ᠳᠠᠭᠠᠨ ᠮᠦᠷᠭᠦᠵᠦ ᠪᠠᠶᠢᠭ᠎ᠠ ᠪᠤᠶᠤ ᠰᠢᠲᠦᠭᠡᠨ ᠮᠤᠷᠢᠨ ᠳᠠᠭᠠᠨ ᠪᠦᠵᠢᠭ ᠡᠷᠭᠦᠨ ᠪᠠᠶᠠᠰᠬᠠᠵᠤ ᠪᠠᠶᠢᠭ᠎ᠠ ᠰᠠᠨᠠᠭ᠎ᠠ ᠶᠢ ᠭᠠᠷᠭᠠᠬᠰᠠᠨ ᠵᠢᠷᠤᠭ ᠮᠥᠨ᠃ ᠡᠭᠦᠨ ᠢ ᠡᠵᠡᠳ ᠰᠠᠬᠢᠭᠤᠰᠤ ᠪᠠᠨ ᠪᠠᠶᠠᠰᠬᠠᠬᠤ ᠶᠢᠨ ᠵᠤᠷᠢᠯᠭ᠎ᠠ ᠪᠠᠷ ᠲᠠᠬᠢᠯ ᠮᠦᠷᠭᠦᠯ ᠬᠢᠭᠰᠡᠨ ᠤ ᠲᠠᠷᠠᠭ᠎ᠠ ᠲᠠᠭᠤᠯᠠᠨ ᠪᠦᠵᠢᠭᠯᠡᠵᠦ ᠨᠠᠶᠢᠷᠯᠠᠬᠤ ᠪᠠ ᠡᠷ᠎ᠡ ᠶᠢᠨ ᠭᠤᠷᠪᠠᠨ ᠨᠠᠭᠠᠲᠤᠮ ᠤᠨ ᠮᠦᠷᠦ᠋ᠢᠴᠡᠭᠡᠨ ᠪᠤᠯᠲᠠᠭ ᠨᠢ ᠪᠦᠷ ᠰᠢᠲᠦᠭᠡᠨ ᠮᠤᠷᠢᠨ ᠳᠠᠭᠠᠨ ᠪᠦᠵᠢᠭ ᠡᠷᠭᠦᠭᠦ ᠰᠢᠲᠦᠯᠭᠡ ᠶᠢᠨ ᠠᠲᠠᠯᠢ ᠪᠤᠰᠤ ᠶᠢᠨ ᠲᠡᠥᠬᠡ ᠶᠢᠨ ᠱᠠᠲᠦ ᠳᠠᠬᠢ ᠬᠦᠭᠵᠢᠯ ᠤᠨ ᠬᠡᠯᠪᠡᠷᠢ ᠪᠤᠯᠤᠨ᠎ᠠ᠃ ᠮᠤᠩᠭᠤᠯ ᠤᠨ ᠦᠨᠲᠦᠷᠯᠢᠭ ᠤᠨ ᠤᠵᠤᠭᠤᠷ ᠢᠷᠭᠡᠳ ᠤᠨ ᠤᠶᠤᠨ ᠰᠡᠷᠡᠯ ᠳᠠᠬᠢ ᠮᠤᠷᠢᠨ ᠤ ᠰᠢᠲᠦᠯᠭᠡ ᠨᠢ ᠲᠠᠪᠬᠤᠷᠲᠠᠮᠠᠯ ᠰᠤᠶᠤᠯ ᠤᠨ ᠠᠭᠤᠯᠭ᠎ᠠ ᠪᠠᠶᠢᠬᠤ ᠠᠴᠠ ᠠᠯᠢ ᠴᠦ ᠠᠮᠢᠲᠠᠨ ᠤ ᠰᠢᠲᠦᠯᠭᠡ ᠠᠴᠠ ᠤᠷᠦ᠋ᠢᠯᠠᠵᠤ ᠪᠠᠶᠢᠵᠠᠢ᠃
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ