ᠮᠤᠩᠭᠤᠯᠴᠤᠳ ᠤᠨ ᠮᠤᠷᠢᠨ ᠤ ᠰᠢᠲᠦᠯᠭᠡ ︵ᠬᠤᠶᠠᠷ︶
ᠨᠡᠶᠢᠲᠡᠯᠡᠭᠰᠡᠨ ᠴᠠᠭ᠄
2024/8/29
    2. ᠬᠦᠷᠡᠯ ᠤᠨ ᠰᠤᠶᠤᠯ ᠤᠨ ᠦᠶ᠎ᠡ ᠶᠢᠨ ᠤᠩᠭᠤ ᠰᠢᠲᠦᠭᠡᠨ ᠤ ᠬᠦᠯᠦᠭ    ᠵᠡᠷᠯᠢᠭ ᠠᠲᠤᠭᠤ ᠶᠢ ᠭᠡᠷᠰᠢᠭᠦᠯᠦᠭᠰᠡᠨ ᠨᠢ ᠠᠲᠤᠭᠤᠨ ᠤ ᠲᠤᠬᠠᠢ ᠪᠠᠯᠠᠷ ᠡᠷᠲᠡᠨ ᠤ ᠬᠦᠮᠦᠰ ᠤᠨ ᠦᠵᠡᠯ ᠤᠬᠠᠮᠰᠠᠷ ᠲᠤ ᠶᠡᠬᠡᠬᠡᠨ ᠬᠤᠪᠢᠷᠠᠯᠲᠠ ᠭᠠᠷᠭᠠᠵᠠᠢ᠃ ᠰᠢᠲᠦᠯᠭᠡ ᠶᠢᠨ ᠬᠤᠪᠢ ᠳᠤ ᠠᠲᠤᠭᠤ ᠨᠢ ᠤᠩᠭᠤᠨ ᠰᠢᠲᠦᠭᠡᠨ ᠤ ᠪᠠᠶᠢᠷᠢ ᠪᠠᠨ ᠬᠠᠲᠠᠭᠠᠯᠠᠬᠰᠠᠭᠠᠷ ᠪᠤᠯᠪᠠᠴᠦ ᠭᠡᠷ ᠤᠨ ᠮᠠᠯ ᠪᠤᠯᠵᠤ ᠬᠦᠮᠦᠨ ᠳᠤ ᠡᠵᠡᠮᠲᠡᠭᠲᠡᠭᠰᠡᠨ ᠨᠦᠯᠦᠭᠡ ᠪᠠᠷ ᠪᠡᠶ᠎ᠡ ᠪᠠᠨ ᠲᠠᠭᠠᠭᠠᠭᠰᠠᠨ ᠤᠩᠭᠤ ᠰᠢᠲᠦᠭᠡᠨ ᠤ ᠪᠠᠶᠢᠷᠢ ᠠᠴᠠ ᠪᠠᠨ ᠬᠦᠮᠦᠨ ᠲᠦᠷᠢ ᠲᠠᠢ ᠤᠩᠭᠤ ᠰᠢᠲᠦᠭᠡᠨ ᠤ ᠬᠦᠯᠦᠭ ᠤᠨᠤᠭ᠎ᠠ ᠶᠢᠨ ᠬᠤᠪᠢ ᠪᠠᠷ ᠤᠯᠠᠨ ᠢᠯᠡᠷᠡᠬᠦ ᠪᠤᠯᠵᠠᠢ᠃ ᠡᠭᠦᠨ ᠠᠴᠠ ᠪᠡᠶ᠎ᠡ ᠪᠠᠨ ᠲᠠᠭᠠᠭᠠᠬᠰᠠᠨ ᠤᠩᠭᠤ ᠰᠢᠲᠦᠭᠡᠨ ᠤ ᠪᠠᠶᠢᠷᠢ ᠠᠴᠠ ᠲᠡᠳ᠋ ᠪᠠᠶᠢᠷᠢ ᠳᠤ ᠰᠢᠯᠵᠢᠵᠤ ᠪᠠᠶᠢᠬᠤ ᠶᠢᠨ ᠢᠯᠡᠷᠡᠯ ᠢ ᠤᠯᠵᠤ ᠬᠠᠷᠠᠨ᠎ᠠ᠃ ᠪᠠᠯᠠᠷ ᠡᠷᠲᠡᠨ ᠤ ᠬᠦᠮᠦᠨ ᠲᠦᠷᠦᠯᠬᠢᠲᠡᠨ ᠮᠤᠷᠢ ᠶᠢ ᠠᠩ ᠭᠦᠷᠦᠭᠡ ᠬᠢᠬᠦ ᠶᠢᠨ ᠢᠶᠠᠨ ᠬᠠᠪᠰᠤᠷᠭ᠎ᠠ ᠪᠤᠯᠭᠠᠬᠤ ᠭᠡᠰᠡᠨ ᠬᠡᠴᠢᠨᠡᠨ ᠮᠢᠩᠭᠠᠨ ᠵᠢᠯ ᠤᠨ ᠬᠦᠰᠡᠯ ᠨᠢ ᠪᠠᠶᠠᠯᠠᠩᠲᠡᠭᠰᠡᠨ ᠠᠴᠠ ᠰᠢᠲᠦᠭᠡᠨ ᠠᠴᠠ ᠨᠢ ᠬᠠᠨᠢ ᠨᠠᠶᠢᠵᠠ ᠶᠢᠨ ᠠᠭᠤᠯᠭ᠎ᠠ ᠭᠠᠷᠴᠦ ᠢᠷᠡᠭᠰᠡᠨ ᠪᠠᠶᠢᠨ᠎ᠠ᠃ ᠡᠨᠡ ᠨᠢ ᠠᠲᠤᠭᠤᠨ ᠤ ᠰᠤᠶᠤᠯ ᠤᠨ ᠭᠤᠷᠪᠠᠲᠠᠬᠴᠢ ᠲᠠᠪᠬᠤᠷᠭ᠎ᠠ ᠠᠭᠤᠯᠭ᠎ᠠ ᠪᠤᠯᠤᠨ᠎ᠠ᠃ ᠰᠢᠨ᠎ᠡ ᠴᠢᠯᠠᠭᠤᠨ ᠵᠠᠪᠰᠡᠭ ᠤᠨ ᠰᠢᠪᠲᠤᠷᠠᠭ᠎ᠠ ᠪᠠ ᠬᠦᠷᠡᠯ ᠤᠨ ᠰᠤᠶᠤᠯ ᠤᠨ ᠡᠬᠢᠨ ᠤ ᠦᠶ᠎ᠡ ᠪᠠᠷ ᠪᠠᠯᠠᠷ ᠡᠷᠲᠡᠨ ᠤ ᠤᠵᠤᠭᠤᠷ ᠢᠷᠭᠡᠳ ᠤᠨ ᠰᠢᠲᠦᠯᠭᠡ ᠨᠢ ᠪᠠᠶᠢᠭᠠᠯᠢ ᠶᠢᠨ ᠤᠷᠭᠤᠮᠠᠯ ᠠᠮᠢᠲᠠᠨ ᠪᠢᠰᠢ ᠪᠤᠯᠵᠤ ᠬᠦᠮᠦᠨ ᠤ ᠲᠦᠷᠢ ᠲᠠᠢ ᠰᠢᠲᠦᠭᠡᠨ ᠪᠤᠯᠤᠬᠰᠠᠨ ᠪᠠᠶᠢᠨ᠎ᠠ᠃    ᠪᠦᠭᠡ ᠮᠦᠷᠭᠦᠯ ᠤᠨ ᠱᠠᠰᠢᠨ ᠤ ᠬᠠᠮᠤᠭ ᠲᠡᠭᠡᠲᠦ ᠰᠢᠲᠦᠭᠡᠨ ᠪᠣᠯ ᠬᠦᠬᠡ ᠮᠦᠩᠭᠡ ᠲᠡᠭᠷᠢ᠂ ᠬᠦᠷᠦᠰᠦᠲᠦ ᠡᠲᠦᠭᠡᠨ ᠲᠡᠯᠡᠬᠡᠢ ᠪᠤᠯᠤᠨ᠎ᠠ᠃ ᠡᠲᠡᠭᠡᠷ ᠰᠢᠲᠦᠭᠡᠨ ᠪᠤᠯᠤᠨ ᠬᠦᠮᠦᠨ ᠤ ᠬᠤᠭᠤᠷᠤᠨᠲᠤᠬᠢ ᠵᠠᠭᠤᠴᠢ ᠪᠣᠯ ᠢᠲᠤᠭᠠᠨ ᠪᠦᠭᠡ ᠨᠠᠷ ᠪᠤᠯᠤᠨ᠎ᠠ᠃ ᠪᠦᠭᠡ ᠢᠲᠤᠭᠠᠨ ᠨᠠᠷ ᠪᠣᠯ ᠡᠲᠡᠭᠡᠷ ᠰᠠᠬᠢᠭᠤᠯᠰᠤᠨ ᠳᠤ ᠬᠦᠮᠦᠰ ᠤᠨ ᠬᠦᠰᠡᠯ ᠨᠠᠶᠢᠲᠠᠯᠭ᠎ᠠ ᠶᠢ ᠲᠠᠮᠵᠢᠭᠤᠯᠵᠤ᠂ ᠡᠵᠡᠳ ᠰᠠᠬᠢᠭᠤᠰᠤ ᠶᠢᠨ ᠰᠠᠨᠠᠭ᠎ᠠ ᠵᠤᠷᠢᠭ᠂ ᠠᠪᠤᠷᠠᠯ ᠰᠤᠨᠲᠠᠭ ᠢ ᠬᠦᠮᠦᠨ ᠲᠦᠷᠦᠯᠬᠢᠲᠡᠨ ᠳᠤ ᠮᠡᠲᠡᠭᠦᠯᠬᠦ ᠪᠠ ᠪᠦᠭᠡᠯᠡᠬᠦ ᠮᠡᠲᠦ ᠶᠢᠨ ᠤᠶᠢᠯᠡ ᠶᠢ ᠬᠦᠢᠴᠡᠳᠭᠡᠲᠡᠭ᠂ ᠪᠦᠭᠡᠯᠡᠬᠦ ᠨᠢ ᠬᠡᠷᠡᠭ ᠲᠡᠭᠡᠷ᠎ᠡ ᠪᠠᠨ ᠲᠦᠷᠰᠦ ᠪᠡᠯᠭᠡᠰᠢᠶᠡᠯ ᠮᠥᠨ᠃ ᠬᠡᠢ ᠮᠤᠷᠢ ᠶᠢᠨ ᠰᠢᠲᠦᠯᠭᠡ ᠨᠢ ᠮᠤᠷᠢᠨ ᠤ ᠴᠤᠭ ᠰᠦᠯᠲᠡ ᠶᠢ ᠰᠢᠲᠦᠲᠡᠭ ᠤᠵᠠᠭᠤᠷᠯᠢᠭ ᠰᠢᠲᠦᠯᠭᠡ ᠶᠢᠨ ᠨᠡᠶᠢᠭᠡᠮᠴᠢᠯᠡᠭᠰᠡᠨ ᠰᠢᠨ᠎ᠡ ᠬᠡᠯᠪᠡᠷᠢ ᠮᠥᠨ᠃ ᠬᠦᠷᠡᠯ ᠤᠨ ᠰᠤᠶᠤᠯ ᠤᠨ ᠦᠶ᠎ᠡ ᠠᠴᠠ ᠠᠪᠤᠭᠠᠳ ᠮᠤᠷᠢ ᠨᠢ ᠰᠢᠲᠦᠭᠡᠨ ᠪᠤᠯᠤᠨ ᠬᠠᠨᠢ ᠨᠠᠶᠢᠵᠠ ᠭᠡᠬᠦ ᠲᠠᠪᠬᠤᠷᠲᠠᠮᠠᠯ ᠰᠤᠶᠤᠯ ᠤᠨ ᠠᠭᠤᠯᠭ᠎ᠠ ᠲᠠᠢ ᠪᠤᠯᠵᠠᠢ᠃ ᠡᠨᠡ ᠨᠢ ᠬᠤᠶᠢᠰᠢᠲᠡ ᠶᠢᠨ ᠬᠦᠭᠵᠢᠯ ᠤᠨ ᠶᠠᠪᠤᠴᠠ ᠳᠠᠭᠠᠨ ᠰᠢᠲᠦᠭᠡᠨ ᠤ ᠬᠤᠪᠢ ᠳᠤ ᠬᠡᠶᠢᠮᠤᠷᠢ᠂ ᠬᠡᠷᠡᠭᠴᠡᠭᠡ ᠶᠢᠨ ᠬᠤᠪᠢ ᠳᠤ ᠪᠤᠲᠠᠲᠠᠢ ᠤᠨᠤᠭ᠎ᠠ ᠬᠦᠯᠦᠭ ᠭᠡᠵᠦ ᠢᠯᠭᠠᠪᠤᠷᠢᠯᠠᠨ ᠰᠠᠯᠵᠤ ᠭᠠᠷᠴᠦ ᠢᠷᠡᠭᠰᠡᠨ ᠪᠠᠶᠢᠨ᠎ᠠ᠃ ᠡᠨᠡ ᠬᠦᠭᠵᠯ ᠤᠨ ᠱᠠᠲᠤᠨ ᠳᠤ ᠪᠤᠲᠠᠲᠤ ᠮᠤᠷᠢ ᠪᠤᠯᠤᠨ ᠬᠦᠮᠦᠨ ᠢᠲᠡᠭᠡᠰᠢᠨ ᠨᠢᠭᠡᠲᠦᠭᠰᠡᠨ ᠢᠶᠠᠷ ᠦᠯᠦ ᠪᠠᠷᠠᠮ᠂ ᠬᠦᠮᠦᠨ ᠰᠢᠲᠦᠭᠡᠨ ᠴᠦ ᠢᠲᠡᠭᠡᠰᠢᠨ ᠨᠢᠭᠡᠲᠦᠭᠰᠡᠨ ᠤᠨᠴᠠᠯᠢᠭ ᠲᠠᠢ ᠪᠤᠯᠵᠠᠢ᠃    ᠾᠦᠩᠨᠤᠴᠤᠳ ᠤᠨ ᠬᠠᠲᠠᠨ ᠵᠢᠷᠤᠭ ᠤᠨ ᠮᠤᠷᠢ ᠪᠤᠯᠤᠨ ᠬᠦᠷᠡᠯ ᠡᠳ᠋ᠯᠡᠯ ᠤᠨ ᠮᠤᠷᠢ ᠪᠣᠯ ᠡᠭᠦᠰᠦᠯ ᠨᠢᠭᠡ ᠬᠡᠪᠰᠢᠯ ᠠᠲᠠᠯᠢ ᠤᠷᠠᠯᠢᠭ ᠤᠨ ᠪᠦᠲᠦᠭᠡᠯ ᠪᠤᠯᠤᠨ᠎ᠠ᠃ ᠤᠮᠠᠷᠠᠲᠤ ᠶᠢᠨ ᠨᠡᠭᠦᠲᠡᠯᠴᠢᠳ ᠤᠨ ᠮᠤᠷᠢᠨ ᠤ ᠰᠢᠲᠦᠯᠭᠡ ᠳᠤ ᠪᠠᠯᠠᠷ ᠡᠷᠲᠡᠨ ᠠᠴᠠ ᠤᠯᠠᠮᠵᠢᠯᠠᠯ ᠲᠠᠢ ᠵᠦᠯᠲᠡ ᠰᠢᠲᠦᠯᠭᠡ ᠴᠦ ᠨᠡᠶᠢᠲᠡᠮ ᠤᠷᠤᠰᠢᠵᠤ ᠪᠠᠶᠢᠵᠠᠢ᠃ ᠵᠦᠯᠲᠡ ᠰᠢᠲᠦᠯᠭᠡ ᠶᠢᠨ ᠪᠠᠷᠢᠮᠲᠠ ᠮᠤᠩᠭᠤᠯ ᠤᠨ ᠦᠨᠲᠦᠷᠯᠢᠭ ᠤᠨ ᠡᠮᠤᠨ᠎ᠡ ᠵᠠᠬ᠎ᠠ ᠳᠤ 8000 ᠵᠢᠯ ᠤᠨ ᠲᠡᠷᠲᠡᠭᠡ ᠳᠤ ᠤᠷᠤᠰᠢᠵᠤ ᠪᠠᠶᠢᠬᠰᠠᠨ ᠰᠢᠩ ᠯᠦᠩ ᠸᠠ ᠶᠢᠨ ᠰᠤᠶᠤᠯ ᠤᠨ ᠪᠠᠭᠤᠷᠢ ᠠᠴᠠ ᠠᠩᠬ᠎ᠠ ᠢᠯᠡᠷᠡᠭᠰᠡᠨ ᠪᠠᠶᠢᠲᠠᠭ᠃ ᠠᠮᠢᠲᠠᠨ ᠤ ᠲᠤᠯᠤᠭᠠᠢ᠂ ᠠᠮᠢᠰᠬᠤᠬᠤ ᠡᠷᠭᠡᠲᠡᠨ ᠤ ᠬᠡᠯᠬᠢᠶ᠎ᠡ — ᠮᠦᠭᠡᠷᠰᠦᠨ ᠬᠤᠭᠤᠯᠠᠢ᠂ ᠠᠭᠤᠰᠬᠢ᠂ ᠵᠢᠷᠦᠭᠡ ᠵᠢᠴᠢ ᠲᠦᠷᠪᠡᠨ ᠰᠢᠬᠢᠷ᠎ᠡ ᠲᠠᠢ ᠨᠢ ᠦᠷᠭᠦᠯᠵᠢ ᠦᠪᠴᠢᠭᠰᠡᠨ ᠠᠷᠠᠰᠤᠨ ᠳᠤᠨᠢ ᠠᠮᠢᠲᠠᠨ ᠤ ᠰᠦᠨᠡᠰᠦ ᠤᠷᠤᠰᠢᠲᠠᠭ ᠭᠡᠵᠦ ᠦᠵᠡᠲᠡᠭ᠃ ᠢᠩᠬᠢᠵᠦ ᠲᠤᠯᠤᠭᠠᠢ᠂ ᠠᠮᠢᠰᠬᠤᠬᠤ ᠡᠷᠭᠡᠲᠡᠨ ᠤ ᠬᠡᠯᠬᠢᠶ᠎ᠡ᠂ ᠵᠢᠷᠦᠭᠡ᠂ ᠠᠷᠠᠰᠤ ᠲᠦᠷᠪᠡᠨ ᠰᠢᠬᠢᠷ᠎ᠡ ᠲᠠᠢ ᠨᠢ ᠦᠷᠭᠦᠯᠵᠢ ᠠᠪᠤᠬᠰᠠᠨ ᠲᠤᠯᠤᠭᠠᠢ ᠵᠦᠯᠲᠡ ᠭᠡᠲᠡᠭ᠃ ᠡᠨᠡ ᠨᠢ ᠪᠦᠭᠡ ᠮᠦᠷᠭᠦᠯ ᠤᠨ ᠱᠠᠰᠢᠨ ᠤ ᠰᠦᠨᠡᠰᠦ ᠰᠢᠲᠦᠯᠭᠡ ᠠᠴᠠ ᠡᠬᠢ ᠲᠠᠢ ᠰᠤᠶᠤᠯ ᠤᠨ ᠦᠵᠡᠭᠲᠡᠯ ᠪᠤᠯᠤᠨ᠎ᠠ᠃    
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ