ᠪᠦᠭᠡ ᠴᠢᠮᠪᠠᠢ ᠬᠠᠳᠤᠨ — ᠬᠤᠩᠭᠢᠷᠠᠳ ᠠᠶᠢᠮᠠᠭ ᠤᠨ ᠠᠩᠴᠢᠨ ᠨᠤᠶᠠᠨ ᠤ ᠦᠭᠢᠨ᠃ ᠠᠩᠬ᠎ᠠ ᠲᠦᠷᠦᠭᠦᠨ ᠤᠷᠳᠤᠨ ᠳᠤ ᠤᠷᠤᠬᠤ ᠦᠶ᠎ᠠ ᠳᠤ ᠬᠤᠪᠢᠯᠠᠢ | ᠬᠠᠭᠠᠨ ᠤ ᠲᠠᠳᠠᠪᠤᠷᠢ ᠬᠠᠳᠤᠨ ᠪᠠᠶᠢᠵᠤ ᠲᠠᠷᠡ ᠬᠤᠪᠢᠯᠠᠢ ᠬᠠᠭᠠᠨ ᠤ ᠶᠡᠭᠡ ᠰᠠᠭᠤᠷᠢᠨ ᠢ ᠵᠠᠯᠭᠠᠮᠵᠢᠯᠠᠬᠤ ᠪᠠᠷ ᠵᠢᠱᠢᠭᠳᠡᠭᠰᠡᠨ ᠬᠤᠨᠭ᠌ ᠲᠠᠶᠢᠵᠢ ᠴᠢᠩᠭᠢᠮ᠂ ᠮᠠᠩᠭᠠᠯᠠ᠂ | ᠨᠤᠮᠤᠬᠠᠨ ᠵᠡᠷᠭᠡ ᠭᠤᠷᠪᠠᠨ ᠭᠦᠪᠡᠭᠦᠨ ᠢ ᠲᠦᠷᠦᠵᠠᠢ᠃ 1262 ᠤᠨ ᠳᠤ ᠬᠤᠪᠢᠯᠠᠢ ᠬᠠᠭᠠᠨ ᠤ ᠭᠤᠤᠯ ᠤᠷᠳᠤᠨ ᠤ ᠬᠠᠳᠤᠨ ᠪᠤᠯᠵᠤ ᠲᠠᠭᠦᠨ ᠲᠠᠢ ᠬᠠᠮᠳᠤ | ᠲᠦᠷᠦ ᠶᠢᠨ ᠭᠡᠷᠡᠭ ᠢ ᠬᠠᠮᠳᠤ ᠪᠠᠷ ᠰᠢᠳᠭᠡᠭᠦ ᠪᠤᠯᠵᠠᠢ᠃ | ᠭᠦᠭᠦᠵᠢᠨ ᠬᠠᠳᠤᠨ — ᠬᠤᠩᠭᠢᠷᠠᠳ ᠠᠶᠢᠮᠠᠭ ᠤᠨ ᠭᠦᠮᠦᠨ᠃ ᠨᠢᠭᠡᠨ ᠡᠳᠤᠷ ᠬᠤᠪᠢᠯᠠᠢ ᠬᠠᠭᠠᠨ ᠠᠪᠠ ᠳᠤ ᠭᠠᠷᠤᠭᠠᠳ ᠶᠡᠭᠡ ᠤᠮᠳᠠᠭᠠᠰᠤᠭᠠᠳ ᠠᠶᠢᠯ | ᠡᠷᠢᠵᠤ ᠪᠠᠶᠢᠳᠠᠯ᠎ᠠ ᠭᠡᠭᠦᠤ ᠰᠠᠭᠠᠭᠴᠢ ᠦᠭᠢᠨ ᠲᠠᠢ ᠤᠴᠠᠷᠠᠵᠤ ᠴᠡᠭᠡ ᠤᠤᠭᠤᠬᠤ ᠭᠡᠵᠤ ᠭᠤᠶᠤᠬᠤ ᠳᠤ᠄ ︽ᠪᠢ ᠭᠠᠭᠴᠠᠭᠠᠷ ᠪᠠᠶᠢᠨ᠎ᠠ ᠠᠪᠤ ᠡᠵᠢ ᠢᠷᠡᠭᠡᠳ ᠪᠤᠯᠤᠭ︾ | ᠭᠡᠪᠡ᠃ ᠬᠤᠪᠢᠯᠠᠢ ᠬᠠᠭᠠᠨ ᠶᠠᠪᠤᠬᠤ ᠭᠡᠭᠦ ᠳᠤ ︽ᠪᠢ ᠠᠳᠡ ᠭᠠᠭᠴᠠᠭᠠᠷ ᠪᠠᠶᠢᠨ᠎ᠠ᠂ ᠴᠢ ᠭᠠᠭᠴᠠᠭᠠᠷ ᠢᠷᠡᠭᠡᠳ ᠶᠠᠪᠤᠪᠠᠯ ᠭᠦᠮᠦᠨ ᠦᠵᠡᠭᠦ ᠳᠤ ᠮᠠᠭᠤᠬᠠᠢ ᠪᠤᠯᠤᠨ᠎ᠠ | ᠂ ᠠᠪᠤ ᠡᠵᠢ ᠤᠳᠠᠬᠤ ᠦᠭᠡᠢ ᠢᠷᠡᠨ᠎ᠠ︾ ᠭᠡᠪᠡ᠃ ᠠᠪᠤ ᠡᠵᠢ ᠨᠢ ᠢᠷᠡᠭᠡᠳ ᠴᠡᠭᠡ ᠤᠯᠵᠤ ᠤᠤᠭᠤᠪᠠ᠃ ᠰᠠᠭᠦᠯᠠᠷ ᠨᠢ ᠬᠤᠪᠢᠯᠠᠢ ᠬᠠᠭᠠᠨ ᠬᠤᠨᠭ᠌ ᠲᠠᠶᠢᠵᠢ | ᠴᠢᠩᠭᠢᠮ ᠳᠤ ᠪᠠᠨ ᠬᠠᠳᠤᠨ ᠪᠤᠯᠭᠠᠨ ᠭᠦᠳᠡᠯᠮᠤᠷᠢᠴᠢᠨ ᠠᠷᠠᠳ ᠤᠨ ᠭᠠᠷᠤᠯ ᠲᠠᠢ ᠭᠦᠮᠦᠨ ᠢᠶᠠᠷ ᠭᠦᠤ ᠪᠠᠷᠢ ᠪᠤᠯᠭᠠᠵᠤ ᠭᠦᠭᠦᠵᠢᠨ ᠬᠠᠳᠤᠨ ᠭᠡᠵᠤ ᠲᠠᠭᠤᠳᠠᠵᠠᠢ᠃ | ᠠᠶᠠᠷᠤᠭ ᠬᠠᠳᠤᠨ — ᠭᠢᠷᠠᠳ ᠠᠶᠢᠮᠠᠭ ᠤᠨ ᠪᠤᠷᠵᠢᠭᠢᠳ ᠤᠪᠤᠭᠳᠠᠨ᠃ ᠲᠠᠷᠡ ᠪᠤᠯ ᠦᠭᠡᠳᠠᠢ ᠬᠠᠭᠠᠨ ᠤ ᠤᠮᠪᠤᠯᠤ ᠭᠦᠪᠡᠭᠦᠨ ᠬᠠᠶᠢᠳᠤ ᠶᠢᠨ ᠦᠭᠢᠨ᠂ | ᠡᠷᠡᠯᠭᠡᠭ ᠪᠠᠭᠠᠳᠤᠷ᠂ ᠦᠵᠡᠰᠭᠦᠯᠠᠩ ᠭᠦᠮᠤᠨ ᠠᠴᠠ ᠲᠠᠪᠠᠵᠤ ᠲᠠᠶᠢᠨ ᠪᠠᠶᠢᠯᠳᠤᠭᠠᠨ ᠳᠤ ᠶᠡᠭᠡ ᠭᠠᠪᠢᠶ᠎ᠠ ᠤᠯᠠᠨ ᠪᠠᠶᠢᠭᠤᠯᠵᠠᠢ᠃ ᠲᠠᠷᠡ ᠡᠴᠢᠭᠡ ᠶᠢᠨ | ᠵᠦᠪᠰᠢᠶᠡᠷᠡᠯ ᠢᠶᠠᠷ ᠭᠦᠷᠭᠡᠨ ᠰᠤᠩᠭᠤᠬᠤ ᠳᠠᠭᠠᠨ᠄ ︽ᠲᠠᠯᠠᠭᠡᠢ ᠳ᠋ᠡᠭᠢᠨ ᠳᠤᠷ ᠭᠡᠨ ᠨᠠᠳᠠᠳᠠᠢ ᠪᠠᠷᠢᠯᠳᠤᠨ ᠦᠵᠡᠯᠴᠡᠭᠡᠳ ᠬᠠᠶᠠᠵᠤ ᠲᠠᠶᠢᠯᠪᠠᠯ ᠪᠢ ᠳᠤᠷᠠᠳᠠᠶ᠎ᠠ ᠲᠠᠭᠦᠨ ᠤ | ᠭᠡᠷᠭᠡᠢ ᠪᠤᠯᠤᠨ᠎ᠠ᠂ ᠭᠡᠷᠪᠡ ᠲᠠᠶᠢᠯᠦᠭᠳᠡᠪᠡᠯ ᠵᠠᠭᠤᠨ ᠠᠭᠳᠠ ᠪᠠᠷ ᠳᠤᠷᠭᠠᠨ᠎ᠠ︾ ᠭᠡᠵᠠᠢ᠃ ᠢᠡᠭᠭᠢᠭᠡᠳ ᠤᠯᠠᠨ ᠤᠯᠤᠰ ᠭᠦᠷᠤᠨ ᠠᠴᠠ ᠰᠠᠶᠢᠨ ᠰᠠᠶᠢᠨ ᠡᠷᠡᠰ ᠰᠠᠶᠢᠬᠠᠨ | ᠰᠠᠶᠢᠬᠠᠨ ᠵᠠᠯᠠᠭᠤᠴᠤᠳ ᠢᠷᠡᠭᠡᠳ ᠪᠦᠷ ᠠᠭᠳᠠ ᠪᠠᠨ ᠦᠭᠭᠦᠭᠡᠳ ᠶᠠᠪᠤᠭᠰᠠᠨ ᠭᠡᠨ᠎ᠠ᠃ ᠰᠠᠭᠦᠯᠠᠷ ᠨᠢ ᠬᠠᠶᠠᠬᠤ ᠭᠦᠮᠦᠨ ᠦᠭᠡᠢ ᠳᠤᠯᠠ ᠨᠢᠭᠡᠨ ᠡᠭᠡᠯ ᠵᠢᠷ ᠤᠨ | ᠮᠤᠷᠢᠳᠤ ᠴᠡᠷᠢᠭ ᠤᠨ ᠪᠠᠶᠢᠯᠳᠤᠭᠴᠢ ᠲᠠᠢ ᠤᠷᠤᠭᠯᠠᠨ ᠰᠠᠭᠤᠭᠰᠠᠨ ᠭᠡᠨ᠎ᠠ᠃ | ᠠᠭᠠᠢ ᠬᠠᠳᠤᠨ — ᠭᠢᠶᠠᠳ ᠠᠶᠢᠮᠠᠭ ᠤᠨ ᠪᠤᠷᠵᠢᠭᠢᠳ ᠤᠪᠤᠭᠳᠠᠨ᠃ ᠶᠤᠸᠠᠨ ᠤᠯᠤᠰ ᠤᠨ ᠰᠠᠭᠦᠯᠴᠢ ᠶᠢᠨ ᠦᠶ᠎ᠠ ᠳᠤ ᠺᠦᠨ ᠮᠢᠩ ᠢ ᠵᠠᠭᠢᠷᠴᠤ ᠪᠠᠶᠢᠭᠰᠠᠨ | ᠯᠢᠶᠠᠩ ᠸᠠᠩ ᠪᠠᠴᠠᠯᠠᠸᠠᠷᠮᠢ ᠶᠢᠨ ᠦᠭᠢᠨ᠃ 1363 ᠤᠨ ᠳᠤ ᠤᠯᠠᠭᠠᠨ ᠠᠯᠴᠢᠭᠤᠷᠳᠠᠨ ᠤ ᠪᠤᠰᠤᠯᠭ᠎ᠠ ᠶᠢᠨ ᠴᠡᠷᠢᠭ ᠤᠨ ᠲᠦᠷᠦᠭᠦᠨ ᠤ ᠨᠢᠭᠡ ᠪᠤᠯᠬᠤ ᠮᠢᠩ ᠢᠤᠢ | ᠵᠸᠠ ᠶᠦᠨᠨᠠᠨ ᠢ ᠲᠠᠭᠠᠷᠢᠨ ᠳᠤᠪᠳᠤᠯᠵᠤ ᠡᠰᠡᠷᠭᠦᠴᠡᠨ ᠴᠢᠳᠠᠭᠰᠠᠨ ᠭᠦᠮᠦᠨ ᠦᠭᠡᠢ ᠳᠤᠯᠠ ᠭᠠᠵᠠᠷ ᠢᠶᠠᠨ ᠠᠯᠳᠠᠪᠠ᠃ ᠡᠨᠡ ᠦᠶ᠎ᠠ ᠳᠤ ᠳ᠋ᠠᠯᠢ ᠶᠢᠨ ᠶᠢᠰᠤᠳᠤᠭᠡᠷ | ᠦᠶ᠎ᠠ ᠶᠢᠨ ᠶᠠᠷᠤᠩᠭᠡᠢ ᠵᠠᠭᠢᠷᠤᠭᠴᠢ ᠳ᠋ᠤᠸᠠᠨ ᠭᠦᠡᠭ ︿ᠪᠠᠢ ᠦᠨᠳᠤᠰᠤᠳᠠᠨ﹀ ᠶᠡᠭᠡᠳᠠ ᠢᠯᠠᠵᠤ ᠭᠦᠭᠡᠭᠡᠵᠤ ᠶᠠᠪᠤᠭᠤᠯᠤᠭᠰᠠᠨ ᠳᠤ ᠯᠢᠶᠠᠩ ᠸᠠᠩ ᠬᠤᠷᠢᠭᠠᠳ ᠨᠠᠰᠤᠳᠠᠢ | ᠦᠭᠢᠨ ᠢᠶᠠᠨ ᠲᠠᠭᠦᠨ ᠳᠤ ᠡᠭᠡᠨᠠᠷ ᠪᠤᠯᠭᠠᠨ ᠦᠭᠴᠠᠢ᠃ ᠰᠠᠭᠦᠯᠠᠷ ᠨᠢ ᠵᠠᠯᠢᠬᠠᠢ ᠲᠦᠰᠢᠮᠠᠳ ᠤᠨ ᠬᠤᠪᠴᠢ ᠦᠭᠡᠨ ᠳᠤ ᠤᠷᠤᠵᠤ ᠳ᠋ᠤᠸᠠᠨ ᠭᠦᠡᠭ ᠢ ᠠᠯᠠᠬᠤ ᠪᠠᠷ | ᠦᠭᠢᠨ ᠢᠶᠠᠨ ᠲᠠᠭᠤᠳᠠᠨ ᠢᠷᠡᠵᠤ᠄ ︽ᠡᠨᠡ ᠲᠠᠯᠠᠭᠡᠢ ᠲᠠᠭᠡᠷ᠎ᠠ ᠡᠴᠢᠭᠡ ᠡᠭᠡ ᠠᠴᠠ ᠦᠭᠡᠷ᠎ᠠ ᠶᠡᠭᠡ ᠰᠠᠨᠠᠯᠳᠠᠢ ᠭᠦᠮᠦᠨ ᠦᠭᠡᠢ᠂ ᠤᠯᠤᠰ ᠭᠡᠷ ᠠᠴᠠ ᠢᠯᠠᠭᠦᠤ | ᠬᠠᠶᠢᠷᠠᠳᠠᠢ ᠶᠠᠭᠤᠮ᠎ᠠ ᠦᠭᠡᠢ᠃ ᠳ᠋ᠤᠸᠠᠨ ᠭᠦᠡᠭ ᠨᠠᠮᠠᠢᠢ ᠬᠤᠤᠷᠯᠠᠵᠤ ᠤᠯᠤᠰ ᠢ ᠡᠵᠡᠯᠡᠭᠦ ᠰᠠᠨᠠᠭ᠎ᠠ ᠲᠠᠢ᠂ ᠴᠢ ᠡᠨᠡ ᠭᠦ ᠳᠤᠭᠤᠰ ᠤᠨ ᠰᠦᠰᠤ ᠶᠢ ᠠᠪᠠᠴᠢᠨ | ᠢᠳᠡᠭᠦᠯᠦᠭᠡᠳ᠂ ᠬᠤᠤᠷᠳᠤ ᠠᠷᠢᠭᠢ ᠤᠤᠭᠤᠯᠭᠠᠵᠤ ᠠᠯᠠᠳᠤᠭᠠᠢ︾ ᠭᠡᠵᠤ ᠬᠠᠳᠠᠭᠤ ᠵᠠᠷᠯᠢᠭ ᠪᠠᠭᠤᠯᠭᠠᠵᠠᠢ᠃ ᠠᠭᠠᠢ ᠬᠠᠳᠤᠨ ᠭᠡᠷ ᠲᠤ ᠪᠠᠨ ᠢᠷᠡᠭᠡᠳ ᠭᠡᠯᠡᠭᠰᠡᠨ ᠨᠢ | ︽ᠪᠢᠳᠠ ᠬᠤᠶᠠᠷ ᠨᠤᠳᠤᠭ ᠲᠤ ᠪᠠᠨ ᠶᠠᠪᠤᠭᠠᠳ ᠰᠠᠶᠢᠬᠠᠨ ᠠᠮᠢᠳᠤᠷᠠᠶ᠎ᠠ᠃ ᠡᠴᠢᠭᠡ ᠴᠢᠮᠠᠢᠢ ᠶᠢ ᠠᠯᠠᠬᠤ ᠭᠡᠵᠤ ᠪᠤᠢ︾ ᠭᠡᠵᠤ ᠪᠦᠭᠦᠨ ᠢ ᠭᠡᠯᠡᠵᠤ ᠦᠭᠭᠦᠭᠰᠡᠨ ᠳᠤ | ᠢᠳᠡᠭᠡᠭᠦ ᠦᠭᠡᠢ᠃ ᠮᠠᠷᠭᠠᠰᠢ ᠨᠢ ᠳ᠋ᠤᠸᠠᠨ ᠬᠦᠩ ᠢ ᠰᠦᠮ᠎ᠠ ᠵᠦᠭ ᠶᠠᠪᠤᠬᠤ ᠳᠤ ᠪᠦᠭᠭᠦᠭᠰᠡᠨ ᠴᠡᠷᠢᠭ ᠪᠠᠷᠢᠵᠤ ᠠᠪᠤᠭᠠᠳ ᠠᠯᠠᠭᠰᠠᠨ ᠭᠡᠨ᠎ᠠ᠃ ᠠᠭᠠᠢ ᠬᠠᠳᠤᠨ | ᠰᠤᠨᠤᠰᠤᠭᠠᠳ ᠳᠦᠢᠯ ᠢᠶᠠᠷ ᠡᠮᠭᠡᠨᠢᠨ ᠵᠤᠪᠠᠵᠤ ᠦᠭᠦᠭᠦ ᠭᠡᠭᠦ ᠳᠤ ᠡᠴᠢᠭᠡ ᠨᠢ ᠦᠭᠦᠭᠦᠯᠭᠦ ᠦᠭᠡᠢ ᠭᠡᠨ᠎ᠠ᠃ ᠭᠡᠳᠤᠨ ᠵᠢᠯ ᠤᠨ ᠲᠠᠷᠠᠭ᠎ᠠ ᠠᠭᠠᠢ ᠬᠠᠳᠤᠨ ᠳ᠋ᠤᠸᠠᠨ | ᠬᠦ᠋ᠩ ᠤᠨ ᠭᠡᠭᠦᠷ ᠢ ᠨᠤᠳᠤᠭ ᠲᠤ ᠨᠢ ᠭᠦᠨᠳᠤᠳᠭᠡᠨ ᠤᠷᠤᠰᠢᠭᠤᠯᠤᠭᠠᠳ ᠲᠠᠰᠭᠦᠶᠠ ᠪᠠᠷᠭᠡ ᠤᠢ ᠭᠠᠰᠢᠭᠤᠳᠠᠯ ᠳᠤ ᠲᠠᠷᠤᠭᠳᠠᠵᠤ ᠶᠢᠷᠳᠢᠨᠴᠤ ᠠᠴᠠ ᠠᠩᠭᠢᠵᠢᠷᠠᠬᠤ | ᠰᠢᠯᠦᠭ ᠪᠢᠴᠢᠵᠤ ᠪᠠᠶ᠎ᠠ ᠪᠠᠨ ᠬᠤᠤᠷᠯᠠᠭᠰᠠᠨ ᠪᠠᠶᠢᠨ᠎ᠠ᠃ ᠠᠭᠠᠢ ᠬᠠᠳᠤᠨ ᠪᠤᠯ ᠦᠨᠳᠤᠰᠤᠳᠠᠨ ᠤ ᠪᠦᠯᠬᠦᠮᠳᠡᠯ ᠢ ᠠᠭᠢᠭᠤᠯᠤᠭᠰᠠᠨ ᠶᠤᠸᠠᠨ ᠤᠯᠤᠰ ᠤᠨ ᠰᠠᠭᠦᠯᠴᠢ | ᠦᠶ᠎ᠠ ᠶᠢᠨ ᠮᠤᠩᠭᠤᠯ ᠦᠨᠳᠤᠰᠤᠳᠠᠨ ᠤ ᠠᠯᠳᠠᠷᠳᠤ ᠡᠮᠡᠭᠳᠠᠢ ᠰᠢᠯᠦᠭᠴᠢ ᠪᠤᠯᠤᠨ᠎ᠠ᠃ | |