ᠬᠠᠲᠠᠭᠤ ᠮᠤᠳᠤᠨ ᠣᠷᠣ ᠳᠡᠭᠡᠷ᠎ᠡ ᠤᠨᠲᠠᠬᠤ ᠪᠠᠨ ᠪᠣᠯᠢᠭᠠᠴᠢ᠂ ᠦᠨᠡᠬᠡᠷ ᠨᠢᠷᠤᠭᠤ ᠳᠤ ᠮᠠᠭᠤ ᠰᠢᠦ︕
ᠨᠡᠶᠢᠲᠡᠯᠡᠭᠰᠡᠨ ᠴᠠᠭ᠄
2024/9/14
    ︽ᠬᠠᠲᠠᠭᠤ ᠮᠤᠳᠤᠨ ᠣᠷᠣ ᠳᠡᠭᠡᠷ᠎ᠡ ᠤᠨᠲᠠᠬᠤ︾ ᠭᠡᠬᠦ ᠡᠨᠡ ᠬᠦ ︽ᠣᠨᠣᠯ︾ ᠪᠣᠯ ᠪᠦᠰᠡᠯᠡᠭᠦᠷ ᠨᠢᠷᠤᠭᠤᠨ ᠤ ᠰᠡᠭᠡᠷ ᠤᠨ ᠲᠠᠪᠠᠭ ᠳᠣᠪᠤᠶᠢᠭᠰᠠᠨ ᠭᠡᠮ ᠢ ᠵᠠᠰᠠᠬᠤ ᠨᠡᠯᠢᠶᠡᠳ ᠡᠷᠳᠡᠨ ᠤ ᠠᠷᠭ᠎ᠠ ᠪᠠᠷᠢᠯ ᠤᠨ ᠦᠷᠭᠦᠯᠵᠢᠯᠡᠯ ᠪᠤᠯᠤᠨ᠎ᠠ᠂ ᠭᠡᠲᠡᠯ᠎ᠡ ᠣᠷᠴᠢᠮ ᠤᠨ ᠬᠡᠳᠦᠨ ᠵᠢᠯ ᠤᠨ ᠣᠯᠠᠩᠬᠢ ᠬᠠᠮᠢᠶ᠎ᠠ ᠪᠦᠬᠦᠢ ᠰᠤᠳᠤᠯᠭᠠᠨ ᠳᠤ ᠪᠦᠷ ︽ᠬᠠᠳᠠᠭᠤᠪᠳᠤᠷ ᠣᠷᠣ ᠶᠢᠨ ᠳᠡᠪᠢᠰᠬᠡᠷ ︵中等硬度的床垫︶ ᠢ ᠬᠠᠮᠤᠭ ᠲᠡᠷᠢᠭᠦᠨ ᠳᠤ ᠰᠣᠩᠭᠤᠬᠤ ᠬᠡᠷᠡᠭᠲᠡᠢ︾ ᠭᠡᠵᠦ ᠲᠤᠷᠠᠳᠤᠬᠰᠠᠨ ᠪᠠᠶᠢᠨ᠎ᠠ᠃    ᠡᠷᠡᠭᠦᠯ ᠬᠥᠮᠦᠨ ᠤ ᠪᠠᠭᠠᠨ᠎ᠠ ᠨᠢᠷᠤᠭᠤ ᠳᠤ ︽S︾ ᠬᠡᠯᠪᠡᠷᠢ ᠶᠢᠨ ᠹᠢᠽᠢᠣᠯᠣᠭᠢ ᠶᠢᠨ ᠮᠤᠷᠤᠢ ᠱᠤᠭᠤᠮ ᠲᠠᠢ ᠪᠠᠶᠢᠳᠠᠭ ᠪᠤᠯᠬᠤᠷ ᠳᠡᠭᠡᠭᠰᠢ ᠬᠠᠨᠳᠤᠨ ᠬᠠᠲᠠᠭᠤ ᠮᠤᠳᠤᠨ ᠣᠷᠣ ᠳᠡᠭᠡᠷ᠎ᠡ ᠤᠨᠲᠠᠪᠠᠯ᠂ ᠬᠥᠮᠦᠨ ᠤ ᠨᠢᠷᠤᠭᠤᠨ ᠤ ᠬᠡᠰᠡᠭ ᠬᠦᠨᠳᠡᠢ ᠲᠤᠰᠴᠤ᠂ ᠪᠦᠰᠡᠯᠡᠭᠦᠷ ᠨᠢᠷᠤᠭᠤ ᠨᠢ ᠵᠣᠬᠢᠬᠤ ᠬᠡᠮᠵᠢᠶ᠎ᠡ ᠪᠠᠷ ᠣᠷᠣ ᠳᠡᠭᠡᠷ᠎ᠡ ᠨᠠᠭᠠᠯᠳᠤᠬᠤ ᠪᠠ ᠲᠤᠯᠬᠤ ᠶᠢᠨ ᠠᠷᠭ᠎ᠠ ᠦᠭᠡᠢ ᠪᠤᠯᠳᠠᠭ᠂ ᠤᠨᠲᠠᠬᠤ ᠶᠢᠨ ᠦᠶ᠎ᠡ ᠳᠤ ᠬᠡᠰᠡᠨ ᠪᠦᠰᠡᠯᠡᠭᠦᠷ ᠤᠨ ᠲᠣᠭᠤᠷᠢᠨ ᠤ ᠪᠤᠯᠴᠢᠩ ᠮᠥᠨ ᠬᠦ ᠠᠵᠢᠯᠯᠠᠵᠤ ᠪᠦᠰᠡᠯᠡᠭᠦᠷ ᠨᠢᠷᠤᠭᠤ ᠮᠤᠷᠦ᠋ᠢᠯᠲᠠ ᠶᠢ ᠲᠤᠯᠵᠤ ᠪᠠᠶᠢᠳᠠᠭ᠂ ᠤᠷᠲᠤ ᠬᠤᠭᠤᠴᠠᠭ᠎ᠠ ᠪᠣᠯᠪᠠᠯ ᠪᠦᠰᠡᠯᠡᠭᠦᠷ ᠬᠡᠰᠡᠭ ᠤᠨ ᠪᠤᠯᠴᠢᠩ ᠰᠤᠯᠠᠷᠠᠬᠤ ᠶᠢᠨ ᠠᠷᠭ᠎ᠠ ᠦᠭᠡᠢ ᠪᠣᠯᠵᠤ ᠂ ᠲᠡᠷᠡᠴᠢᠯᠡᠨ ᠴᠢᠩᠭᠠᠷᠠᠵᠤ ᠱᠠᠷᠬᠢᠷᠠᠨ ᠡᠪᠡᠳᠬᠦ᠂ ᠪᠠᠭᠠᠨ᠎ᠠ ᠨᠢᠷᠤᠭᠤ ᠬᠥᠰᠢᠵᠦ ᠬᠠᠲᠠᠭᠤᠷᠠᠬᠤ ᠵᠡᠷᠭᠡ ᠪᠠᠶᠢᠳᠠᠯ ᠭᠠᠷᠴᠤ᠂ ᠡᠭᠦᠨ ᠤ ᠤᠯᠠᠮ ᠢᠶᠠᠷ ᠵᠦᠳᠡᠷᠡᠯ ᠤᠨ ᠭᠡᠮᠲᠦᠯ ᠪᠤᠶᠤ ᠪᠠᠭᠠᠨ᠎ᠠ ᠨᠢᠷᠤᠭᠤᠨ ᠤ ᠮᠤᠷᠦ᠋ᠢᠯᠲᠠ ᠠᠰᠬᠠᠨ ᠪᠣᠯᠬᠤ ᠵᠡᠷᠭᠡ ᠪᠠᠶᠢᠳᠠᠯ ᠭᠠᠷᠳᠠᠭ᠃    ᠡᠭᠦᠨ ᠠᠴᠠ ᠭᠠᠳᠠᠨ᠎ᠠ᠂ ᠬᠠᠲᠠᠭᠤ ᠮᠤᠳᠤᠨ ᠣᠷᠣ ᠨᠢ ᠵᠣᠬᠢᠬᠤ ᠬᠡᠮᠵᠢᠶᠡᠨ ᠳᠡᠭᠡᠷ᠎ᠡ ᠬᠥᠮᠦᠨ ᠤ ᠪᠡᠶ᠎ᠡ ᠶᠢᠨ ᠶᠠᠰᠤᠨ ᠤ ᠪᠦᠲᠦᠴᠡ ᠶᠢᠨ ᠭᠦᠳᠦ᠋ᠢᠵᠦ ᠭᠠᠷᠤᠭᠰᠠᠨ ᠬᠡᠰᠡᠭ ᠲᠤ ᠨᠡᠩ ᠶᠡᠭᠡ ᠳᠠᠷᠤᠯᠲᠠ ᠥᠭᠴᠦ ᠮᠡᠳᠡᠨ᠎ᠡ᠂ ᠡᠭᠦᠨ ᠳᠤ ᠮᠥᠷᠥ ᠶᠢᠨ ᠦᠶ᠎ᠡ᠂ ᠠᠭᠠᠷᠴᠠᠭ ᠵᠡᠷᠭᠡ ᠬᠡᠰᠡᠭ ᠪᠠᠭᠲᠠᠨ᠎ᠠ᠂ ᠡᠳᠡᠭᠡᠷ ᠨᠢ ᠤᠷᠲᠤ ᠬᠤᠭᠤᠴᠠᠭ᠎ᠠ ᠪᠠᠷ ᠳᠠᠷᠤᠭᠳᠠᠭᠰᠠᠨ ᠠᠴᠠ ᠪᠣᠯᠵᠤ ᠴᠢᠰᠤᠨ ᠡᠷᠭᠢᠯᠲᠡ ᠮᠠᠭᠤᠳᠠᠬᠤ ᠶᠢᠨ ᠤᠯᠠᠮ ᠢᠶᠠᠷ ᠲᠠᠷᠤᠵᠤ ᠡᠪᠡᠳᠬᠦ᠂ ᠮᠢᠨᠴᠦᠭᠦᠷᠡᠬᠦ ᠵᠡᠷᠭᠡ ᠡᠪ ᠦᠭᠡᠢ ᠪᠠᠶᠢᠳᠠᠯ ᠭᠠᠷᠳᠠᠭ᠃    ᠭᠡᠪᠡᠴᠦ ᠪᠠᠰᠠ ᠠᠩᠬᠠᠷᠤᠭᠤᠰᠢᠳᠠᠢ ᠵᠦᠢᠯ ᠭᠡᠪᠡᠯ᠂ ᠬᠡᠳᠦ᠋ᠢᠪᠡᠷ ᠵᠥᠭᠡᠯᠡᠨ ᠣᠷᠣ ᠶᠢᠨ ᠳᠡᠪᠢᠰᠬᠡᠷ ᠢ ᠬᠡᠷᠡᠭᠯᠡᠪᠡᠯ ᠬᠦᠮᠦᠨ ᠤ ᠪᠡᠶ᠎ᠡ ᠤᠷᠤ ᠲᠠᠢ ᠨᠠᠭᠠᠯᠳᠤᠬᠤ ᠪᠠᠷ ᠬᠠᠮᠤᠭ ᠤᠨ ᠶᠡᠭᠡ᠂ ᠣᠷᠣ ᠪᠣᠯᠤᠨ ᠬᠦᠮᠦᠨ ᠤ ᠪᠡᠶ᠎ᠡ ᠭᠦᠢᠴᠡᠳ ᠬᠦᠷᠦᠯᠴᠡᠵᠦ ᠠᠮᠤᠷ ᠲᠦᠪᠰᠢᠨ ᠢᠶᠠᠷ ᠤᠨᠳᠠᠬᠤ ᠰᠡᠷᠡᠭᠳᠡᠯ ᠢ ᠨᠡᠮᠡᠭᠳᠡᠭᠦᠯᠳᠡᠭ ᠪᠣᠯᠪᠠᠴᠤ᠂ ᠲᠤᠰ ᠪᠠᠶᠢᠳᠠᠯ ᠳᠣᠣᠷ᠎ᠠ ᠶᠠᠮᠠᠷ ᠨᠢᠭᠡᠨ ᠵᠦᠢᠯ ᠤᠨ ᠤᠨᠲᠠᠬᠤ ᠬᠡᠯᠪᠡᠷᠢ ᠶᠢ ᠰᠣᠩᠭᠤᠭᠰᠠᠨ ᠴᠤ ᠪᠦᠷ ᠭᠦᠢᠴᠡᠳ ᠳᠠᠭᠠᠭᠠᠴᠠ ᠳᠤᠲᠠᠭᠳᠠᠭᠰᠠᠨ ᠠᠴᠠ ᠪᠣᠯᠵᠤ ᠬᠦᠮᠦᠨ ᠤ ᠪᠡᠶ᠎ᠡ ᠶᠢᠨ ᠳᠤᠮᠳᠠ ᠬᠡᠰᠡᠭ ᠲᠤᠷᠤᠬᠰᠢ ᠰᠢᠬᠢᠳᠦᠵᠦ᠂ ᠪᠡᠶ᠎ᠡ ᠨᠢ ᠨᠤᠮᠤᠯᠵᠢᠨ ᠬᠡᠯᠪᠡᠷᠢ ᠲᠠᠢ ᠪᠤᠯᠳᠠᠭ᠂ ᠡᠶᠢᠮᠦ ᠠᠴᠠ ᠮᠥᠨ ᠯᠡ ᠪᠠᠭᠠᠨ᠎ᠠ ᠨᠢᠷᠤᠭᠤᠨ ᠤ ᠬᠡᠪ ᠤᠨ ᠹᠢᠽᠢᠣᠯᠣᠭᠢ ᠶᠢᠨ ᠮᠤᠷᠦ᠋ᠢᠯᠲᠠ ᠪᠠᠨ ᠪᠠᠲᠤᠯᠠᠵᠦ ᠴᠢᠳᠠᠳᠠᠭ ᠦᠭᠡᠢ᠂ ᠲᠡᠷᠡᠴᠢᠯᠡᠨ ᠨᠢᠷᠤᠭᠤᠨ ᠤ ᠲᠣᠭᠤᠷᠢᠨ ᠤ ᠪᠤᠯᠴᠢᠩ ᠴᠤ ᠰᠠᠶᠢᠨ ᠠᠮᠠᠷᠠᠵᠤ ᠳᠡᠶᠢᠯᠬᠦ ᠦᠭᠡᠢ ᠠᠴᠠ ᠪᠣᠯᠵᠤ ᠱᠠᠷᠬᠢᠷᠠᠵᠤ ᠡᠪᠡᠳᠬᠦ ᠪᠤᠶᠤ ᠵᠦᠳᠡᠷᠡᠯ ᠤᠨ ᠭᠡᠮᠲᠦᠯ ᠡᠭᠦᠰᠳᠡᠭ᠃    ᠪᠠᠰᠠ ᠨᠢᠭᠡ ᠬᠠᠮᠤᠭ ᠴᠢᠬᠤᠯᠠ ᠵᠦᠢᠯ ᠭᠡᠪᠡᠯ᠂ ᠶᠡᠭᠡ ᠬᠡᠮᠵᠢᠶᠡᠨ ᠤ ᠰᠤᠳᠤᠯᠭᠠᠨ ᠳᠤ᠂ ᠬᠠᠲᠠᠭᠤ ᠮᠤᠳᠤᠨ ᠣᠷᠣ ᠪᠤᠶᠤ ᠬᠡᠳᠦ ᠵᠥᠭᠡᠯᠡᠨ ᠣᠷᠣ ᠶᠢᠨ ᠳᠡᠪᠢᠰᠬᠡᠷ ᠨᠢ ᠴᠦᠮ ᠤᠨᠲᠠᠭᠰᠠᠳ ᠤᠨ ᠪᠡᠶᠡᠴᠢ ᠲᠠᠯ᠎ᠠ ᠶᠢᠨ ᠲᠠᠭᠠᠯᠠᠮᠵᠢ ᠪᠠᠷ ᠠᠨᠠᠢ ᠪᠠᠶᠢᠳᠠᠭ᠂ ᠦᠭᠡᠷ᠎ᠡ ᠪᠠᠷ ᠬᠡᠯᠡᠪᠡᠯ ᠬᠠᠲᠠᠭᠤ ᠪᠤᠶᠤ ᠬᠡᠳᠦ ᠵᠥᠭᠡᠯᠡᠨ ᠣᠷᠣ ᠳᠡᠭᠡᠷ᠎ᠡ ᠤᠨᠲᠠᠪᠠᠯ ᠪᠦᠷ ᠲᠠᠭᠠᠯᠠᠮᠵᠢ ᠦᠭᠡᠢ ᠪᠠᠶᠢᠳᠠᠭ ᠭᠡᠵᠦ ᠦᠵᠡᠵᠦ ᠪᠠᠶᠢᠨ᠎ᠠ᠃    
ᠢᠷᠡᠯᠲᠡ᠄ ᠠᠷᠠᠳ ᠤᠨ ᠮᠣᠩᠭᠤᠯ ᠰᠦᠯᠵᠢᠶ᠎ᠡ