ᠠᠮᠢᠰᠬᠤᠯ ᠤᠨ ᠵᠠᠮ ᠤᠨ ᠡᠪᠡᠳᠴᠢᠨ ᠶᠡᠭᠡ ᠪᠠᠷ ᠳᠡᠯᠭᠡᠷᠡᠵᠦ ᠪᠠᠶᠢᠭ᠎ᠠ ᠦᠶᠡᠰ ᠥᠪᠡᠷ ᠤᠨ ᠪᠡᠶ᠎ᠡ ᠶᠢᠨ ᠡᠭᠡᠯᠢᠯᠡᠭᠡ ᠶᠢᠨ ᠴᠢᠳᠠᠪᠤᠷᠢ ᠨᠢ ᠳᠠᠷᠤᠢ ᠬᠠᠮᠤᠭ ᠤᠨ | ᠰᠠᠶᠢᠨ ᠬᠠᠮᠠᠭᠠᠯᠠᠯᠲᠠ ᠪᠤᠯᠳᠠᠬ᠃ ᠭᠡᠪᠡᠴᠦ ᠳᠣᠣᠷᠠᠬᠢ 10 ᠵᠦᠢᠯ ᠤᠨ ᠶᠠᠪᠤᠳᠠᠯ ᠬᠥᠮᠥᠨ ᠤ ᠪᠡᠶ᠎ᠡ ᠶᠢᠨ ᠡᠭᠡᠯᠢᠯᠡᠭᠡ ᠶᠢᠨ ᠴᠢᠳᠠᠪᠤᠷᠢ ᠶᠢ ᠮᠠᠭᠤᠳᠠᠭᠤᠯᠳᠠᠭ᠃ | ᠨᠦᠢᠷ ᠳᠤᠲᠠᠭᠤᠳᠠᠬᠤ | ᠨᠦᠢᠷ ᠬᠦᠷᠦᠯᠴᠡᠬᠦ ᠦᠭᠡᠢ ᠪᠣᠯ ᠸᠢᠷᠦ᠋ᠰ ᠪᠤᠶᠤ ᠡᠪᠡᠳᠴᠢᠨ ᠤ ᠪᠠᠺᠲ᠋ᠧᠷᠢ ᠳᠤ ᠨᠡᠩ ᠠᠮᠠᠷᠬᠠᠨ ᠬᠠᠯᠳᠠᠪᠤᠷᠢᠯᠠᠭᠳᠠᠳᠠᠭ ᠮᠥᠷᠲᠡᠭᠡᠨ ᠬᠡᠷᠪᠡ | ᠬᠠᠯᠳᠠᠪᠤᠷᠢᠯᠠᠭᠳᠠᠭᠰᠠᠨ ᠪᠠᠶᠢᠪᠠᠯ ᠨᠡᠩ ᠤᠷᠲᠤ ᠬᠤᠭᠤᠴᠠᠭ᠎ᠠ ᠬᠡᠷᠡᠭᠰᠡᠮᠡᠨᠵᠢᠨ ᠰᠠᠶ᠋ᠢ ᠡᠷᠡᠭᠦᠯᠵᠢᠵᠦ ᠳᠡᠶᠢᠯᠳᠡᠭ᠃ ᠤᠴᠢᠷ ᠨᠢ ᠨᠦᠢᠷ ᠳᠤᠲᠠᠭᠤᠳᠠᠪᠠᠯ ᠬᠥᠮᠥᠨ ᠤ ᠪᠡᠶ᠎ᠡ | ᠭᠦᠢᠴᠡᠳ ᠬᠡᠮᠵᠢᠶᠡᠨ ᠤ ᠬᠠᠯᠳᠠᠪᠤᠷᠢᠯᠠᠯ ᠢ ᠡᠰᠡᠷᠭᠦᠴᠡᠬᠦ ᠡᠰ ᠪᠠ ᠡᠰᠡᠷᠭᠦᠴᠡᠭᠴᠢ ᠶᠢ ᠵᠣᠬᠢᠶᠠᠨ ᠭᠠᠷᠭᠠᠵᠤ ᠳᠡᠶᠢᠯᠭᠦ ᠦᠭᠡᠢ᠂ ᠤᠴᠢᠷ ᠨᠢ ᠵᠥᠪᠭᠡᠨ ᠤᠨᠲᠠᠬᠤ | ᠦᠶ᠎ᠡ ᠳᠤ ᠬᠥᠮᠥᠨ ᠤ ᠪᠡᠶ᠎ᠡ ᠰᠠᠶ᠋ᠢ ᠵᠠᠷᠢᠮ ᠡᠭᠡᠯᠢᠯᠡᠭᠡ ᠶᠢᠨ ᠰᠢᠰᠲ᠋ᠧᠮ ᠳᠤ ᠲᠤᠰᠠᠲᠠᠢ ᠤᠭᠤᠷᠠᠭ ︵ᠡᠰ ᠤᠨ ᠡᠯᠧᠮᠧᠨ᠋ᠲ︶ ᠢ ᠢᠯᠭᠠᠷᠠᠭᠤᠯᠤᠨ ᠭᠠᠷᠭᠠᠳᠠᠭ᠃ | ᠵᠣᠪᠠᠨᠢᠬᠤ | ᠵᠣᠪᠠᠨᠢᠩᠭᠤᠢ ᠪᠤᠳᠣᠯ ᠨᠢ ᠣᠬᠤᠷᠬᠠᠨ 30 ᠮᠢᠨᠦ᠋ᠲ ᠤᠨ ᠳᠣᠲᠣᠷ᠎ᠠ ᠡᠭᠡᠯᠢᠯᠡᠭᠡ ᠶᠢᠨ ᠲᠤᠰᠬᠠᠯ ᠢ ᠪᠠᠭᠤᠷᠠᠭᠤᠯᠳᠠᠭ᠃ ᠦᠷᠭᠦᠯᠵᠢᠯᠡᠭᠰᠡᠨ ᠳᠠᠷᠤᠯᠲᠠ ᠨᠢ ᠨᠠᠩ | ᠶᠡᠭᠡ ᠬᠤᠣᠷ ᠬᠥᠨᠥᠭᠡᠯ ᠢ ᠡᠭᠦᠰᠬᠡᠵᠦ᠂ ᠬᠠᠯᠳᠠᠪᠤᠷᠢᠲᠤ ᠲᠠᠭᠰᠢᠭᠤᠷ᠂ ᠴᠥᠪᠥᠷᠢᠭᠦᠲᠦ ᠡᠰᠡᠷᠭᠡᠨ᠎ᠡ᠂ ᠪᠦᠰᠡᠯᠢᠭ ᠴᠥᠪᠥᠷᠢᠭᠦᠲᠦ ᠡᠰᠡᠷᠭᠡᠨ᠎ᠡ ᠪᠠ ᠪᠤᠰᠤᠳ ᠸᠢᠷᠦ᠋ᠰ ᠢ | ᠬᠤᠷᠢᠭᠯᠠᠬᠤ ᠳᠤ ᠨᠠᠩ ᠬᠦᠴᠢᠷᠲᠡᠢ ᠪᠣᠯᠭᠠᠳᠠᠭ᠃ | ᠸᠢᠲ᠋ᠠᠮᠢᠨ D ᠳᠤᠲᠠᠬᠤ | ᠡᠷᠡᠭᠦᠯ ᠴᠢᠭᠢᠷᠠᠭ ᠠᠷᠤᠭ ᠶᠠᠰᠤ ᠪᠠ ᠡᠷᠡᠭᠦᠯ ᠴᠢᠭᠢᠷᠠᠭ ᠴᠢᠰᠤᠨ ᠤ ᠡᠰ ᠨᠢ ᠴᠥᠮ ᠸᠢᠲ᠋ᠠᠮᠢᠨ D ᠬᠡᠷᠡᠭᠰᠡᠬᠦ ᠠᠴᠠ ᠭᠠᠳᠠᠨ᠎ᠠ ᠸᠢᠲ᠋ᠠᠮᠢᠨ D ᠨᠢ ᠪᠠᠰᠠ | ᠡᠭᠡᠯᠢᠯᠡᠭᠡ ᠶᠢᠨ ᠰᠢᠰᠲ᠋ᠧᠮ ᠢ ᠴᠢᠩᠭᠠᠳᠬᠠᠬᠤ ᠳᠤ ᠲᠤᠰᠠᠲᠠᠢ ᠪᠠᠶᠢᠳᠠᠭ᠃ ᠲᠠᠬᠢᠶᠠᠨ ᠥᠨᠳᠡᠭᠡ᠂ ᠥᠭᠡᠬᠦ ᠶᠡᠬᠡᠲᠡᠢ ᠵᠢᠭᠠᠰᠤ ᠵᠢᠴᠢ ᠦᠨᠢᠶᠡᠨ ᠰᠦ ᠪᠠ ᠠᠮᠤ ᠪᠤᠳᠠᠭ᠎ᠠ | ᠵᠡᠷᠭᠡ ᠡᠷᠴᠢᠮᠵᠢᠭᠦᠯᠦᠭᠰᠡᠨ ᠢᠳᠡᠭᠡᠨ ᠤ ᠳᠣᠲᠣᠷ᠎ᠠ ᠴᠥᠮ ᠸᠢᠲ᠋ᠠᠮᠢᠨ D ᠠᠭᠤᠯᠵᠤ ᠪᠠᠶᠢᠳᠠᠭ᠃ ᠨᠡᠷᠡᠨ ᠤ ᠭᠡᠷᠡᠯ ᠪᠣᠯ ᠥᠭᠡᠷ᠎ᠡ ᠨᠢᠭᠡᠨ ᠴᠢᠬᠤᠯᠠ ᠢᠷᠡᠯᠲᠡ ᠮᠥᠨ᠃ | ᠵᠤᠨ ᠤ ᠤᠯᠠᠷᠢᠯ ᠳᠤ ᠶᠡᠷᠦ ᠳᠡᠭᠡᠨ ᠭᠠᠷᠠᠭ ᠪᠦᠷᠢ 2 - 3 ᠤᠳᠠᠭ᠎ᠠ᠂ ᠤᠳᠠᠭ᠎ᠠ ᠪᠦᠷᠢ ᠭᠠᠷ᠂ ᠨᠢᠭᠤᠷ ᠢᠶᠠᠨ 5-15 ᠮᠢᠨᠦ᠋ᠲ ᠨᠡᠷᠡᠨ ᠳᠤ ᠡᠭᠡᠭᠡᠪᠡᠯ ᠪᠣᠯᠴᠢᠬᠠᠨ᠎ᠠ᠃ | ᠡᠪᠦᠯ ᠤᠨ ᠤᠯᠠᠷᠢᠯ ᠳᠤ ᠨᠡᠩ ᠤᠷᠲᠤ ᠬᠤᠭᠤᠴᠠᠭ᠎ᠠ ᠬᠡᠷᠡᠭᠰᠡᠳᠡᠭ᠃ | ᠨᠣᠭᠤᠭ᠎ᠠ ᠪᠠ ᠵᠢᠮᠢᠰ ᠬᠡᠲᠦᠷᠬᠡᠢ ᠪᠠᠭ᠎ᠠ ᠢᠳᠡᠬᠦ | ᠡᠳᠡᠭᠡᠷ ᠢᠳᠡᠭᠡᠨ ᠨᠢ ᠬᠥᠮᠥᠨ ᠤ ᠪᠡᠶ᠎ᠡ ᠶᠢ ᠬᠠᠪᠰᠤᠷᠴᠤ ᠬᠠᠯᠳᠠᠪᠤᠷᠢᠯᠠᠯ ᠢ ᠬᠤᠷᠢᠭᠯᠠᠬᠤ ᠳᠤ ᠬᠡᠷᠡᠭᠰᠡᠬᠦ | ᠨᠡᠩ ᠤᠯᠠᠨ ᠴᠠᠭᠠᠨ ᠡᠰ ᠢ ᠪᠦᠲᠦᠭᠡᠳᠡᠭ᠄ ᠰᠢᠨ᠎ᠡ ᠰᠣᠷᠭᠤᠭ ᠨᠣᠭᠤᠭ᠎ᠠ ᠵᠢᠮᠢᠰ᠂ ᠬᠠᠲᠠᠭᠤ ᠵᠢᠮᠢᠰ ᠪᠠ ᠦᠷ᠎ᠡ ᠳᠤ ᠶᠡᠭᠡ ᠬᠡᠮᠵᠢᠶᠡᠨ ᠤ ᠴᠠᠶᠢᠷ᠂ β - | ᠬᠤᠯᠤᠤᠪᠠᠩ ᠤᠨ ᠡᠳ᠋᠂ ᠸᠢᠲ᠋ᠠᠮᠢᠨ A᠂ C ᠪᠠ E ᠵᠢᠴᠢ ᠡᠷᠡᠭᠦᠯ ᠴᠢᠭᠢᠷᠠᠭ ᠪᠡᠶ᠎ᠡ ᠮᠠᠬᠠᠪᠤᠳ ᠲᠤ ᠬᠡᠷᠡᠭᠰᠡᠬᠦ ᠪᠤᠰᠤᠳ ᠰᠢᠮ᠎ᠡ ᠲᠡᠵᠢᠭᠡᠯ ᠤᠨ ᠡᠳ᠋ ᠠᠭᠤᠯᠤᠭᠳᠠᠵᠤ | ᠪᠠᠶᠢᠳᠠᠭ᠃ ᠤᠷᠭᠤᠮᠠᠯ ᠤᠨ ᠴᠢᠨᠠᠷᠲᠠᠢ ᠢᠳᠡᠭᠡᠨ ᠳᠤ ᠪᠠᠰᠠ ᠰᠢᠷᠬᠡᠭᠯᠢᠭ ᠠᠭᠤᠯᠵᠤ᠂ ᠪᠡᠶ᠎ᠡ ᠶᠢᠨ ᠳᠣᠲᠣᠭᠠᠳᠤ ᠶᠢᠨ ᠥᠭᠡᠬᠦ ᠶᠢᠨ ᠬᠠᠷᠢᠴᠠᠯ ᠢ ᠪᠠᠭᠤᠷᠠᠭᠤᠯᠬᠤ ᠶᠢᠨ | ᠤᠯᠠᠮ ᠠᠴᠠ ᠡᠭᠡᠯᠢᠯᠡᠭᠡ ᠶᠢᠨ ᠲᠤᠰᠬᠠᠯ ᠢ ᠨᠡᠮᠡᠭᠳᠡᠭᠦᠯᠬᠦ ᠳᠤ ᠠᠰᠢᠭᠲᠠᠢ ᠪᠠᠶᠢᠳᠠᠭ᠃ | ᠥᠭᠡᠬᠦ ᠶᠡᠬᠡᠲᠡᠢ ᠢᠳᠡᠭᠡᠨ ᠢ ᠬᠡᠲᠦᠷᠬᠡᠢ ᠠᠷᠪᠢᠨ ᠢᠳᠡᠬᠦ | ᠥᠭᠡᠬᠦ ᠲᠣᠰᠣ ᠨᠢ ᠴᠠᠭᠠᠨ ᠡᠰ ᠪᠣᠯᠣᠨ ᠡᠪᠡᠳᠴᠢᠨ ᠤ ᠪᠠᠺᠲ᠋ᠧᠷᠢ ᠶᠢᠨ ᠲᠡᠮᠡᠴᠡᠯ ᠢ ᠬᠠᠷᠰᠢᠯᠠᠳᠠᠭ᠃ ᠤᠷᠲᠤ ᠬᠤᠭᠤᠴᠠᠭ᠎ᠠ ᠪᠠᠷ ᠥᠭᠡᠬᠦ ᠶᠡᠬᠡᠲᠡᠢ ᠢᠳᠡᠭᠡᠨ | ᠤᠮᠳᠠᠭᠠᠨ ᠢᠳᠡᠬᠦ ᠨᠢ ᠭᠡᠳᠡᠰᠦᠨ ᠳᠣᠲᠣᠷᠠᠬᠢ ᠦᠯᠦ ᠬᠠᠯᠳᠠᠭᠠᠬᠤ ᠪᠠᠺᠲ᠋ᠧᠷᠢ ᠶᠢᠨ ᠲᠡᠩᠴᠡᠭᠦᠷᠢ ᠶᠢ ᠡᠪᠳᠡᠳᠡᠭ᠃ ᠰᠢᠬᠢᠷ ᠦᠭᠡᠢ ᠥᠭᠡᠬᠦ ᠪᠠᠭᠠᠲᠠᠢ ᠴᠠᠭᠠᠨ ᠢᠳᠡᠭᠡ | ᠵᠢᠴᠢ ᠳᠠᠯᠠᠢ ᠶᠢᠨ ᠢᠳᠡᠭᠡᠨ᠂ ᠴᠠᠴᠤᠭᠲᠤ ᠬᠢᠷᠭᠤᠤᠯ ᠪᠠ ᠲᠠᠬᠢᠶᠠᠨ ᠮᠢᠬ᠎ᠠ ᠵᠡᠷᠭᠡ ᠬᠠᠷ᠎ᠠ ᠮᠢᠬᠠᠨ ᠤ ᠤᠭᠤᠷᠠᠭ ᠢ ᠰᠣᠩᠭᠤᠬᠤ ᠪᠤᠶᠤ ᠥᠭᠡᠬᠦ ᠶᠢ ᠨᠢ ᠣᠭᠲᠣᠯᠵᠤ | ᠠᠪᠤᠭᠰᠠᠨ ᠦᠬᠡᠷ ᠤᠨ ᠮᠢᠬ᠎ᠠ ᠶᠢ ᠰᠣᠩᠭᠤᠵᠤ ᠪᠣᠯᠣᠨ᠎ᠠ᠃ ᠡᠭᠦᠨ ᠠᠴᠠ ᠭᠠᠳᠠᠨ᠎ᠠ ᠮᠠᠷᠢᠶᠠᠯᠠᠬᠤ ᠨᠢ ᠬᠠᠯᠳᠠᠪᠤᠷᠢᠲᠤ ᠲᠠᠭᠰᠢᠭᠤᠷ ᠪᠠ ᠪᠤᠰᠤᠳ ᠬᠠᠯᠳᠠᠪᠤᠷᠢᠯᠠᠯ ᠳᠤ | ᠨᠠᠩ ᠠᠮᠠᠷᠬᠠᠨ ᠨᠡᠷᠪᠡᠭᠳᠡᠭᠦᠯᠳᠡᠭ᠃ | ᠭᠡᠷ ᠤᠨ ᠭᠠᠳᠠᠨᠠᠬᠢ ᠬᠥᠳᠡᠯᠭᠡᠭᠡᠨ ᠳᠤ ᠮᠠᠰᠢ ᠴᠥᠭᠡᠨ ᠣᠷᠤᠯᠴᠠᠬᠤ | ᠨᠡᠷᠡᠨ ᠤ ᠭᠡᠷᠡᠯ ᠨᠢ ᠡᠭᠡᠯᠢᠯᠡᠭᠡ ᠶᠢᠨ ᠰᠢᠰᠲ᠋ᠧᠮ ᠳᠠᠬᠢ T ᠡᠰ ᠭᠡᠵᠦ ᠨᠡᠷᠡᠯᠡᠭᠳᠡᠭᠰᠡᠨ ᠡᠭᠡᠯᠢᠯᠡᠭᠡ ᠶᠢᠨ ᠡᠰ ᠢ ᠬᠥᠭᠵᠢᠭᠡᠵᠦ᠂ ᠬᠠᠯᠳᠠᠪᠤᠷᠢᠯᠠᠯ ᠢ ᠡᠰᠡᠷᠭᠦᠴᠡᠬᠦ ᠳᠤ | ᠬᠠᠪᠰᠤᠷᠤᠮᠵᠢ ᠪᠤᠯᠳᠠᠭ᠃ ᠭᠡᠷ ᠤᠨ ᠭᠠᠳᠠᠨᠠᠬᠢ ᠬᠥᠳᠡᠯᠭᠡᠭᠡᠨ ᠨᠢ ᠪᠠᠰᠠ ᠪᠤᠰᠤᠳ ᠰᠠᠶᠢᠨ ᠲᠠᠯ᠎ᠠ ᠲᠠᠢ ᠪᠠᠶᠢᠳᠠᠭ᠂ ᠵᠢᠱᠢᠶᠡᠯᠡᠪᠡᠯ ᠣᠢ ᠰᠢᠭᠤᠢ ᠳᠣᠲᠣᠷᠠᠬᠢ ᠮᠠᠰᠢ | ᠣᠯᠠᠨ ᠤᠷᠭᠤᠮᠠᠯ ᠠᠴᠠ ᠤᠷᠭᠤᠮᠠᠯ ᠤᠨ ᠪᠠᠺᠲ᠋ᠧᠷᠢ ᠠᠯᠠᠬᠤ ᠰᠢᠩᠭᠡᠨ ᠪᠠ ᠪᠤᠰᠤᠳ ᠪᠣᠳᠠᠰ ᠢ ᠡᠭᠦᠰᠬᠡᠳᠡᠭ᠂ ᠡᠳᠡᠭᠡᠷ ᠪᠣᠳᠠᠰ ᠢ ᠠᠮᠢᠰᠬᠤᠪᠠᠯ ᠡᠭᠡᠯᠢᠯᠡᠭᠡ ᠶᠢᠨ | ᠴᠢᠳᠠᠪᠤᠷᠢ ᠶᠢ ᠨᠡᠮᠡᠭᠳᠡᠭᠦᠯᠵᠦ ᠮᠡᠳᠡᠨ᠎ᠡ᠃ | ᠲᠠᠮᠠᠬᠢ ᠲᠠᠲᠠᠬᠤ | ᠶᠠᠩᠵᠤᠤᠷ ᠲᠠᠮᠠᠬᠢ᠂ ᠲᠠᠮᠠᠬᠢ ᠵᠠᠵᠢᠯᠠᠬᠤ ᠪᠤᠶᠤ ᠪᠤᠰᠤᠳ ᠶᠠᠮᠠᠷᠪᠠ ᠢᠷᠡᠯᠲᠡ ᠲᠠᠢ ᠨᠢᠺᠦᠲ᠋ᠢᠨ ᠨᠢ ᠴᠥᠮ ᠬᠥᠮᠥᠨ ᠤ ᠪᠡᠶ᠎ᠡ ᠶᠢᠨ ᠡᠪᠡᠳᠴᠢᠨ ᠤ ᠪᠠᠺᠲ᠋ᠧᠷᠢ ᠶᠢ | ᠡᠰᠡᠷᠭᠦᠴᠡᠬᠦ ᠴᠢᠳᠠᠪᠤᠷᠢ ᠶᠢ ᠪᠠᠭᠤᠷᠠᠭᠤᠯᠳᠠᠭ᠃ ᠡᠯᠧᠺᠳ᠋ᠷᠣᠨ ᠲᠠᠮᠠᠬᠢ ᠴᠦ ᠠᠳᠠᠯᠢᠬᠠᠨ᠂ ᠲᠡᠷᠡᠴᠢᠯᠡᠨ ᠡᠯᠧᠺᠳ᠋ᠷᠣᠨ ᠲᠠᠮᠠᠬᠢᠨ ᠤ ᠰᠢᠩᠭᠡᠨ ᠳᠣᠲᠣᠷᠠᠬᠢ | ᠨᠢᠺᠦᠲ᠋ᠢᠨ ᠠᠴᠠ ᠠᠰᠲᠠᠭᠠᠨ ᠪᠤᠰᠤᠳ ᠵᠦᠢᠯ ᠤᠨ ᠬᠢᠮᠢ ᠶᠢᠨ ᠪᠣᠳᠠᠰ ᠨᠢ ᠪᠠᠰᠠ ᠡᠭᠡᠯᠢᠯᠡᠭᠡ ᠶᠢᠨ ᠲᠤᠰᠬᠠᠯ ᠢ ᠬᠤᠷᠢᠭᠯᠠᠳᠠᠭ᠃ | ᠬᠡᠲᠦᠷᠡᠲᠡᠯ᠎ᠡ ᠠᠷᠢᠬᠢ ᠤᠤᠭᠤᠬᠤ | ᠨᠢᠭᠡ ᠤᠳᠠᠭ᠎ᠠ ᠬᠡᠲᠦᠷᠡᠲᠡᠯ᠎ᠡ ᠠᠷᠢᠬᠢ ᠤᠤᠭᠤᠬᠤ ᠨᠢ ᠳᠠᠷᠤᠢ 24 ᠴᠠᠭ ᠬᠢᠷᠢᠲᠡᠢ ᠪᠡᠶ᠎ᠡ ᠶᠢᠨ ᠡᠪᠡᠳᠴᠢᠨ ᠤ ᠪᠠᠺᠲ᠋ᠧᠷᠢ ᠶᠢ ᠡᠰᠡᠷᠭᠦᠴᠡᠬᠦ ᠴᠢᠳᠠᠪᠤᠷᠢ ᠶᠢ | ᠪᠠᠭᠤᠷᠠᠭᠤᠯᠳᠠᠭ᠃ ᠤᠷᠲᠤ ᠬᠤᠭᠤᠴᠠᠭ᠎ᠠ ᠪᠠᠷ ᠬᠡᠲᠦᠷᠡᠲᠡᠯ᠎ᠡ ᠠᠷᠢᠬᠢ ᠤᠤᠭᠤᠬᠤ ᠨᠢ ᠪᠡᠶ᠎ᠡ ᠮᠠᠬᠠᠪᠤᠳ ᠤᠨ ᠥᠪᠡᠷ ᠢ ᠪᠠᠨ ᠵᠠᠰᠠᠨ ᠰᠡᠷᠭᠦᠭᠡᠬᠦ ᠴᠢᠳᠠᠪᠤᠷᠢ ᠶᠢ | ᠪᠠᠭᠤᠷᠠᠭᠤᠯᠵᠤ᠂ ᠡᠯᠢᠭᠡᠨ ᠤ ᠡᠪᠡᠳᠴᠢᠨ᠂ ᠠᠭᠤᠰᠬᠢᠨ ᠦᠷᠪᠢᠰᠦᠯ᠂ ᠠᠭᠤᠰᠬᠢᠨ ᠰᠦᠷᠢᠶ᠎ᠡ ᠪᠠ ᠵᠠᠷᠢᠮ ᠥᠮᠡᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ | ᠨᠡᠮᠡᠭᠳᠡᠭᠦᠯᠦᠨ᠎ᠡ᠃ ᠠᠷᠢᠬᠢ ᠤᠤᠭᠤᠬᠤ ᠦᠭᠡᠢ ᠪᠣᠯ ᠬᠠᠮᠤᠭ ᠤᠨ ᠰᠠᠶᠢᠨ᠂ ᠬᠡᠷᠪᠡ ᠠᠷᠢᠬᠢ ᠤᠤᠭᠤᠬᠤ ᠳᠤ ᠭᠦᠷᠪᠡᠯ ᠡᠮᠡᠭᠲᠡᠶᠢᠴᠦᠳ ᠪᠣᠯ ᠡᠳᠦᠷ ᠪᠦᠷᠢ ᠨᠢᠭᠡ | ᠴᠣᠮᠣ᠂ ᠡᠷᠡᠭᠲᠡᠶᠢᠴᠦᠳ ᠡᠳᠦᠷ ᠪᠦᠷᠢ ᠬᠤᠶᠠᠷ ᠴᠣᠮᠣ ᠪᠠᠷ ᠬᠢᠵᠠᠭᠠᠷᠯᠠᠬᠤ ᠬᠡᠷᠡᠭᠲᠡᠢ᠃ | ᠡᠮᠭᠡᠨᠢᠬᠦ | ᠭᠡᠷᠡᠴᠢ ᠪᠠᠷᠢᠮᠲᠠ ᠶᠢᠨ ᠲᠣᠳᠣᠷᠬᠠᠶᠢᠯᠠᠭᠰᠠᠨ ᠢᠶᠠᠷ᠂ ᠡᠮᠭᠡᠨᠢᠯ ᠵᠣᠪᠠᠨᠢᠯ᠂ ᠢᠯᠠᠩᠭᠤᠶ᠎ᠠ ᠤᠷᠲᠤ ᠬᠤᠭᠤᠴᠠᠭ᠎ᠠ ᠪᠠᠷ ᠡᠮᠭᠡᠨᠢᠵᠦ ᠵᠣᠪᠠᠭᠤ ᠨᠢ ᠬᠥᠮᠥᠨ ᠤ ᠪᠡᠶ᠎ᠡ ᠶᠢᠨ | ᠡᠭᠡᠯᠢᠯᠡᠭᠡ ᠶᠢᠨ ᠴᠢᠳᠠᠪᠤᠷᠢ ᠶᠢ ᠮᠠᠭᠤᠳᠠᠭᠤᠯᠳᠠᠭ᠃ ᠡᠨᠡ ᠬᠦ ᠨᠥᠯᠥᠭᠡ ᠨᠢ 6 ᠰᠠᠷ᠎ᠠ ᠦᠷᠭᠦᠯᠵᠢᠯᠡᠵᠦ ᠮᠡᠳᠡᠨ᠎ᠡ᠂ ᠬᠡᠷᠪᠡ ᠡᠮᠭᠡᠨᠢᠵᠦ ᠵᠣᠪᠠᠨᠢᠬᠤ ᠨᠢ ᠢᠯᠡᠭᠦᠦ ᠪᠣᠯ | ᠡᠨᠡ ᠬᠦ ᠨᠥᠯᠥᠭᠡ ᠨᠢ ᠨᠡᠩ ᠤᠷᠳᠤ ᠬᠤᠭᠤᠴᠠᠭ᠎ᠠ ᠦᠷᠭᠦᠯᠵᠢᠯᠡᠬᠦ ᠪᠣᠯᠣᠨ᠎ᠠ᠃ | ᠬᠥᠳᠡᠯᠭᠡᠭᠡᠨ ᠳᠤ ᠳᠤᠲᠠᠭᠤ ᠣᠷᠤᠯᠴᠠᠬᠤ | ᠦᠷᠭᠦᠯᠵᠢ ᠬᠦᠴᠢᠯᠲᠥ᠋ᠷᠥᠭᠴᠢᠲᠦ ᠬᠥᠳᠡᠯᠭᠡᠭᠡᠨ ᠬᠢᠬᠦ ᠨᠢ ᠬᠥᠮᠥᠨ ᠤ ᠪᠡᠶ᠎ᠡ ᠶᠢᠨ ᠸᠢᠷᠦ᠋ᠰ ᠪᠠ ᠪᠠᠺᠲ᠋ᠧᠷᠢ ᠠᠴᠠ ᠪᠣᠯᠤᠭᠰᠠᠨ ᠡᠪᠡᠳᠴᠢᠨ ᠢ ᠡᠰᠡᠷᠭᠦᠴᠡᠬᠦ ᠳᠤ | ᠲᠤᠰᠠᠲᠠᠢ᠂ ᠤᠴᠢᠷ ᠨᠢ ᠬᠥᠳᠡᠯᠭᠡᠭᠡᠨ ᠬᠢᠬᠦ ᠨᠢ ᠴᠢᠰᠤᠨ ᠤ ᠪᠡᠶ᠎ᠡ ᠶᠢᠨ ᠳᠣᠲᠣᠭᠠᠳᠤ ᠳᠤ ᠨᠡᠩ ᠪᠦᠲᠦᠮᠵᠢᠲᠡᠶ ᠪᠠᠷ ᠤᠷᠤᠰᠤᠨ ᠬᠥᠳᠡᠯᠬᠦ ᠳᠤ ᠲᠤᠰᠠᠲᠠᠢ᠂ ᠡᠨᠡ ᠨᠢ | ᠪᠠᠺᠲ᠋ᠧᠷᠢ ᠡᠰᠡᠷᠭᠦᠴᠡᠬᠦ ᠪᠣᠳᠠᠰ ᠲᠡᠳᠡᠨ ᠤ ᠬᠦᠷᠬᠦ ᠴᠢᠬᠤᠯᠠᠲᠠᠢ ᠭᠠᠵᠠᠷ ᠲᠠᠭᠠᠨ ᠬᠦᠷᠴᠦ ᠳᠡᠶᠢᠯᠭᠦ ᠶᠢ ᠬᠠᠷᠠᠭᠤᠯᠵᠤ ᠪᠠᠶᠢᠨ᠎ᠠ᠃ ᠰᠢᠨᠵᠢᠯᠡᠬᠦ ᠤᠬᠠᠭᠠᠨᠲᠠᠳ | ᠬᠥᠳᠡᠯᠭᠡᠭᠡᠨ ᠨᠢ ᠴᠣᠬᠤᠮ ᠬᠡᠷᠬᠢᠨ ᠡᠭᠡᠯᠢᠯᠡᠭᠡ ᠶᠢᠨ ᠰᠢᠰᠲ᠋ᠧᠮ ᠢ ᠴᠢᠩᠭᠠᠳᠬᠠᠬᠤ ᠳᠤ ᠬᠠᠪᠰᠤᠷᠤᠮᠵᠢ ᠪᠤᠯᠬᠤ ᠶᠢ ᠦᠷᠭᠦᠯᠵᠢᠯᠡᠨ ᠰᠤᠳᠤᠯᠤᠭᠰᠠᠭᠠᠷ ᠪᠠᠶᠢᠨ᠎ᠠ᠃ |