ᠵᠢᠷᠦᠬᠡ ᠶᠢ ᠬᠥᠮᠥᠨ ᠤ ᠪᠡᠶ᠎ᠡ ᠶᠢᠨ ᠬᠥᠳᠡᠯᠭᠡᠭᠦᠷ ᠭᠡᠳᠡᠭ᠂ ᠵᠢᠷᠦᠬᠡ ᠬᠡᠪ ᠤᠨ ᠪᠠᠶᠢᠳᠠᠯ ᠢᠶᠠᠷ ᠠᠵᠢᠯᠯᠠᠪᠠᠯ ᠰᠠᠶ᠋ᠢ ᠪᠦᠭᠦ ᠪᠡᠶ᠎ᠡ ᠶᠢᠨ ᠡᠯ᠎ᠡ ᠡᠷᠬᠡᠲᠡᠨ ᠳᠤ ᠭᠦᠢᠴᠡᠳ | ᠬᠡᠮᠵᠢᠶᠡᠨ ᠤ ᠴᠢᠰᠤ ᠪᠠ ᠰᠢᠮ᠎ᠡ ᠲᠡᠵᠢᠭᠡᠯ ᠬᠠᠩᠭᠠᠵᠤ᠂ ᠪᠢᠳᠡ ᠰᠠᠶ᠋ᠢ ᠣᠷᠣᠰᠢᠨ ᠲᠣᠭᠲᠠᠨᠢᠵᠤ ᠴᠢᠳᠠᠨ᠎ᠠ᠃ ᠵᠢᠷᠦᠬᠡᠨ ᠳᠤ ᠪᠠᠰᠠ ᠥᠪᠡᠷ ᠤᠨ ᠳᠤᠷ᠎ᠠ ᠦᠭᠡᠢ ᠵᠦᠢᠯ | ᠪᠠᠶᠢᠳᠠᠭ᠂ ᠡᠶᠢᠮᠦ ᠪᠣᠯᠬᠤᠷ ᠪᠢᠳᠡ ᠡᠳᠡᠭᠡᠷ ᠢ ᠣᠶᠢᠯᠠᠭᠠᠵᠤ᠂ ᠡᠳᠦᠷ ᠳᠤᠳᠤᠮ ᠤᠨ ᠠᠮᠢᠳᠤᠷᠠᠯ ᠳᠤᠮᠳᠠ ᠪᠠᠨ ᠠᠩᠬᠠᠷᠤᠨ᠂ ᠵᠢᠷᠦᠬᠡ ᠪᠠᠨ ᠰᠠᠶᠢᠲᠤᠷ ᠬᠠᠮᠠᠭᠠᠯᠠᠪᠠᠯ | ᠵᠣᠬᠢᠨ᠎ᠠ᠃ | ᠦᠷᠭᠦᠯᠵᠢ ᠲᠠᠮᠠᠬᠢ ᠲᠠᠲᠠᠬᠤ | ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠲᠠᠮᠠᠬᠢ ᠲᠠᠲᠠᠬᠤ ᠪᠣᠯ ᠵᠢᠷᠦᠬᠡᠨ ᠪᠤᠯᠴᠢᠩ ᠤᠨ ᠲᠦᠭᠵᠢᠷᠡᠯ ᠡᠭᠦᠰᠬᠡᠬᠦ ᠠᠶᠤᠯᠲᠤ ᠡᠯᠧᠮᠧᠨ᠋ᠲ ᠤᠨ ᠨᠢᠭᠡ ᠮᠥᠨ᠃ | ᠲᠠᠮᠠᠬᠢ ᠲᠠᠲᠠᠭᠴᠢ ᠶᠢᠨ ᠲᠠᠮᠠᠬᠢᠨ ᠰᠢᠨᠤᠯ ᠨᠢ ᠬᠡᠳᠦᠢ ᠶᠡᠭᠡ᠂ ᠲᠠᠮᠠᠬᠢ ᠲᠠᠲᠠᠭᠰᠠᠨ ᠬᠤᠭᠤᠴᠠᠭ᠎ᠠ ᠨᠢ ᠬᠡᠳᠦᠢ ᠤᠷᠲᠤ ᠪᠣᠯ ᠵᠢᠷᠦᠬᠡᠨ ᠲᠢᠲᠢᠮ ᠤᠨ ᠡᠪᠡᠳᠴᠢᠨ ᠳᠤ | ᠨᠡᠷᠪᠡᠭᠳᠡᠬᠦ ᠪᠠ ᠦᠬᠦᠬᠦ ᠨᠤᠷᠮ᠎ᠠ ᠨᠢ ᠲᠡᠳᠦᠢ ᠥᠨᠳᠥᠷ ᠪᠠᠶᠢᠳᠠᠭ᠃ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠪᠦᠭᠦ ᠳᠡᠯᠡᠬᠡᠢ ᠳᠤ ᠵᠢᠯ ᠪᠦᠷᠢ ᠪᠠᠷᠤᠭ 190 | ᠲᠦᠮᠡᠨ ᠬᠥᠮᠥᠨ ᠲᠠᠮᠠᠬᠢ ᠲᠠᠲᠠᠬᠤ ᠪᠤᠶᠤ ᠳᠠᠮ ᠤᠨ ᠲᠠᠮᠠᠬᠢ ᠲᠠᠲᠠᠭᠰᠠᠨ ᠠᠴᠠ ᠪᠣᠯᠵᠤ ᠵᠢᠷᠦᠬᠡᠨ ᠲᠢᠲᠢᠮ ᠤᠨ ᠡᠪᠡᠳᠴᠢᠨ ᠢᠶᠠᠷ ᠠᠮᠢ ᠨᠠᠰᠤ ᠪᠠᠨ ᠠᠯᠳᠠᠵᠤ᠂ ᠪᠠᠷᠤᠭ | ᠪᠦᠭᠦ ᠳᠡᠯᠡᠬᠡᠢ ᠶᠢᠨ ᠵᠢᠷᠦᠬᠡᠨ ᠲᠢᠲᠢᠮ ᠤᠨ ᠡᠪᠡᠳᠴᠢᠨ ᠢᠶᠠᠷ ᠦᠬᠦᠭᠰᠡᠳ ᠤᠨ ᠲᠠᠪᠤᠨ ᠤ ᠨᠢᠭᠡ ᠬᠤᠪᠢ ᠶᠢ ᠡᠵᠡᠯᠡᠵᠦ ᠪᠠᠶᠢᠨ᠎ᠠ᠃ | ᠲᠠᠮᠠᠬᠢᠨ ᠳᠠᠬᠢ ᠨᠢᠺᠦᠲ᠋ᠢᠨ ᠪᠣᠯᠣᠨ ᠨᠡᠭᠦᠷᠡᠰᠦᠲᠥ᠋ᠷᠥᠭᠴᠢ ᠶᠢᠨ ᠳᠠᠩ ᠢᠰᠦᠯ ᠨᠢ ᠴᠢᠰᠤᠨ ᠰᠤᠳᠠᠯ ᠤᠨ ᠬᠠᠨ᠎ᠠ ᠶᠢ ᠡᠪᠳᠡᠬᠦ ᠶᠢᠨ ᠬᠠᠮᠲᠤ ᠴᠢᠰᠤᠨ ᠳᠠᠷᠤᠯᠲᠠ ᠶᠢ | ᠥᠨᠳᠥᠷᠵᠢᠭᠦᠯᠵᠦ᠂ ᠯᠤᠭᠰᠢᠭᠤᠨ ᠰᠤᠳᠠᠯ ᠢ ᠥᠭᠡᠬᠦᠵᠢᠭᠦᠯᠦᠨ ᠬᠠᠲᠠᠭᠤᠷᠠᠭᠤᠯᠳᠠᠭ᠃ ᠲᠠᠮᠠᠬᠢ ᠪᠠᠨ ᠵᠣᠬᠰᠣᠬᠤ ᠨᠢ ᠵᠢᠷᠦᠬᠡᠨ ᠤ ᠴᠢᠰᠤᠨ ᠰᠤᠳᠠᠯ ᠳᠤ ᠮᠠᠰᠢ | ᠲᠦᠷᠭᠡᠨ ᠢᠶᠠᠷ ᠮᠡᠳᠡᠭᠳᠡᠵᠦ᠂ ᠵᠣᠭᠰᠣᠭᠰᠠᠨ ᠤ ᠳᠠᠷᠠᠭᠠᠬᠢ ᠨᠢᠭᠡ ᠡᠳᠦᠷ ᠤᠨ ᠳᠣᠲᠣᠷ᠎ᠠ ᠵᠢᠷᠦᠬᠡᠨ ᠤ ᠳᠠᠪᠲᠠᠮᠵᠢ ᠪᠠ ᠴᠢᠰᠤᠨ ᠳᠠᠷᠤᠯᠲᠠ ᠶᠢ ᠳᠣᠷᠣᠭᠰᠢᠯᠠᠭᠤᠯᠵᠤ᠂ | ᠴᠢᠰᠤᠨ ᠤ ᠨᠡᠭᠦᠷᠡᠰᠦᠲᠥ᠋ᠷᠥᠭᠴᠢ ᠶᠢᠨ ᠳᠠᠩ ᠢᠰᠦᠯ ᠤᠨ ᠬᠡᠮᠵᠢᠶ᠎ᠡ ᠶᠢ ᠬᠡᠪ ᠤᠨ ᠪᠠᠶᠢᠳᠠᠯ ᠳᠤ ᠣᠷᠣᠭᠤᠯᠤᠨ᠎ᠠ᠃ ᠲᠠᠮᠠᠬᠢ ᠪᠠᠨ ᠵᠣᠭᠰᠣᠭᠠᠳ 1 ᠵᠢᠯ ᠪᠣᠯᠪᠠᠯ᠂ | ᠵᠢᠷᠦᠬᠡᠨ ᠲᠢᠲᠢᠮ ᠤᠨ ᠡᠪᠡᠳᠴᠢᠨ ᠳᠤ ᠨᠡᠷᠪᠡᠭᠳᠡᠬᠦ ᠠᠶᠤᠯ ᠨᠢ ᠵᠥᠪᠭᠡᠨ ᠲᠠᠮᠠᠬᠢ ᠲᠠᠲᠠᠭᠴᠢ ᠶᠢᠨ ᠬᠠᠭᠠᠰ ᠯᠠ ᠪᠠᠶᠢᠵᠤ᠂ ᠲᠠᠮᠠᠬᠢ ᠪᠠᠨ ᠵᠣᠭᠰᠣᠭᠠᠳ 15 ᠵᠢᠯ | ᠪᠣᠯᠪᠠᠯ᠂ ᠶᠡᠷᠦ ᠠᠴᠠ ᠲᠠᠮᠠᠬᠢ ᠲᠠᠲᠠᠭ᠎ᠠ ᠦᠭᠡᠢ ᠬᠥᠮᠥᠨ ᠤ ᠬᠡᠮᠵᠢᠶᠡᠨ ᠳᠤ ᠭᠦᠷᠲᠡᠯ᠎ᠡ ᠳᠣᠷᠣᠭᠰᠢᠯᠠᠨ᠎ᠠ᠃ | ᠡᠶᠢᠮᠦ ᠠᠴᠠ ᠵᠢᠷᠦᠬᠡ ᠪᠠᠨ ᠬᠠᠮᠠᠭᠠᠯᠠᠶ᠎ᠠ ᠭᠡᠪᠡᠯ ᠲᠠᠮᠠᠬᠢ ᠪᠢᠲᠡᠭᠡᠢ ᠲᠠᠲᠠᠭᠠᠷᠠᠢ᠃ ᠬᠡᠵᠢᠶᠡᠳᠡ ᠬᠡᠲᠦᠷᠡᠲᠡᠯ᠎ᠡ ᠢᠳᠡᠵᠦ ᠤᠤᠭᠤᠬᠤ ᠵᠠᠷᠢᠮ ᠬᠥᠮᠥᠰ ᠦᠷᠭᠦᠯᠵᠢ | ᠬᠡᠲᠦᠷᠡᠲᠡᠯ᠎ᠡ ᠢᠳᠡᠵᠦ ᠤᠤᠭᠤᠳᠠᠭ᠃ ᠬᠡᠲᠦᠷᠡᠲᠡᠯ᠎ᠡ ᠢᠳᠡᠬᠦ ᠨᠢ ᠢᠯᠠᠩᠭᠤᠶ᠎ᠠ ᠲᠣᠰᠣᠯᠢᠭ ᠢᠳᠡᠭᠡᠨ ᠢ ᠶᠡᠭᠡ ᠬᠡᠮᠵᠢᠶ᠎ᠡ ᠪᠠᠷ ᠢᠳᠡᠪᠡᠯ ᠴᠢᠰᠤᠨ ᠤ ᠤᠷᠤᠰᠬᠠᠯ ᠤᠨ | ᠬᠤᠷᠳᠤᠴᠠ ᠶᠢ ᠤᠳᠠᠭᠠᠰᠢᠷᠠᠭᠤᠯᠵᠤ᠂ ᠵᠢᠷᠦᠬᠡᠨ ᠤ ᠳᠠᠷᠤᠭᠠᠰᠤ ᠶᠢ ᠬᠦᠨᠳᠦᠷᠡᠭᠦᠯᠵᠦ᠂ ᠪᠠᠰᠠ ᠴᠢᠰᠤᠨ ᠢᠯᠲᠠᠰᠤ ᠶᠢᠨ ᠪᠥᠭᠡᠮᠨᠡᠷᠡᠬᠦ ᠴᠢᠨᠠᠷ ᠢ ᠨᠡᠮᠡᠭᠳᠡᠭᠦᠯᠵᠦ᠂ | ᠲᠦᠷᠭᠡᠨ ᠴᠢᠨᠠᠷᠲᠠᠢ ᠵᠢᠷᠦᠬᠡᠨ ᠪᠤᠯᠴᠢᠩ ᠤᠨ ᠲᠦᠭᠵᠢᠷᠡᠯ ᠢ ᠠᠮᠠᠷᠬᠠᠨ ᠡᠭᠦᠰᠬᠡᠨ᠎ᠡ᠃ ᠡᠭᠦᠨ ᠠᠴᠠ ᠭᠠᠳᠠᠨ᠎ᠠ᠂ ᠬᠡᠲᠦᠷᠡᠲᠡᠯ᠎ᠡ ᠠᠷᠢᠬᠢ ᠤᠤᠭᠤᠬᠤ ᠨᠢ ᠵᠢᠷᠦᠬᠡᠨ | ᠴᠣᠬᠢᠯᠭ᠎ᠠ ᠶᠢ ᠲᠦᠷᠭᠡᠳᠬᠡᠵᠦ᠂ ᠴᠢᠰᠤᠨ ᠳᠠᠷᠤᠯᠲᠠ ᠶᠢ ᠥᠨᠳᠥᠷᠵᠢᠭᠦᠯᠬᠦ ᠶᠢᠨ ᠬᠠᠮᠲᠤ ᠵᠢᠷᠦᠬᠡᠨ ᠴᠣᠬᠢᠯᠭ᠎ᠠ ᠬᠡᠪ ᠤᠨ ᠪᠠᠶᠢᠳᠠᠯ ᠢᠶᠠᠨ ᠠᠯᠳᠠᠳᠠᠭ᠃ ᠡᠶᠢᠮᠦ ᠠᠴᠠ | ᠲᠤᠯᠤᠭᠠᠨ ᠬᠤᠪᠢ ᠶᠢᠨ ᠴᠠᠳᠬᠤᠯᠠᠩ᠂ ᠬᠠᠷᠠᠰᠣ ᠢᠳᠡᠭᠡᠨ ᠤᠮᠳᠠᠭᠠᠨ ᠪᠣᠯ ᠡᠷᠡᠭᠦᠯ ᠢᠳᠡᠭᠡᠨ ᠤᠮᠳᠠᠭᠠᠨ ᠤ ᠦᠨᠳᠦᠰᠦᠨ ᠵᠠᠷᠴᠢᠮ ᠮᠥᠨ᠂ ᠠᠷᠢᠬᠢ ᠤᠤᠭᠤᠬᠤ | ᠦᠭᠡᠢ ᠨᠢ ᠬᠠᠮᠤᠭ ᠤᠨ ᠰᠠᠶᠢᠨ᠂ ᠢᠯᠠᠩᠭᠤᠶ᠎ᠠ ᠤᠳᠠᠭᠠᠨ ᠴᠢᠨᠠᠷᠲᠠᠢ ᠡᠪᠡᠳᠴᠢᠨ ᠪᠤᠶᠤ ᠡᠮ ᠤᠤᠭᠤᠵᠤ ᠪᠠᠶᠢᠭ᠎ᠠ ᠬᠥᠮᠥᠰ ᠶᠠᠭᠠᠬᠢᠭᠰᠠᠨ ᠴᠤ ᠠᠷᠢᠬᠢ ᠤᠤᠭᠤᠵᠤ | ᠪᠤᠯᠬᠤ ᠦᠭᠡᠢ᠃ | ᠬᠥᠳᠡᠯᠬᠦ ᠦᠭᠡᠢ ᠤᠳᠠᠭᠠᠨ ᠰᠠᠭᠤᠬᠤ | ᠴᠥᠭᠡᠨ ᠪᠤᠰᠤ ᠬᠥᠮᠥᠰ ᠠᠵᠢᠯ ᠳᠠᠭᠠᠨ ᠭᠠᠷᠬᠤ ᠳᠠᠭᠠᠨ ᠺᠤᠮᠫᠢᠦ᠋ᠲ᠋ᠧᠷ ᠤᠨ ᠡᠮᠦᠨ᠎ᠡ ᠰᠠᠭᠤᠵᠤ᠂ ᠠᠵᠢᠯ ᠠᠴᠠ ᠪᠠᠨ ᠪᠠᠭᠤᠪᠠᠯ ᠱᠠᠹᠠ ᠳᠡᠭᠡᠷ᠎ᠡ ᠬᠡᠪᠲᠡᠵᠦ᠂ | ᠡᠳᠦᠷ ᠪᠦᠷᠢ 6 ᠴᠠᠭ ᠠᠴᠠ ᠢᠯᠡᠭᠦᠦ ᠰᠠᠭᠤᠳᠠᠭ᠂ ᠡᠨᠡ ᠨᠢ ᠡᠷᠡᠭᠦᠯ ᠮᠡᠨᠳᠦ ᠳᠤ ᠲᠦᠢᠯ ᠤᠨ ᠠᠰᠢᠭ ᠦᠭᠡᠢ ᠪᠠᠶᠢᠳᠠᠭ᠃ ᠰᠤᠳᠤᠯᠭᠠᠨ ᠳᠤ ᠢᠯᠡᠷᠡᠭᠦᠯᠦᠭᠰᠡᠨ ᠢᠶᠠᠷ᠂ | ᠲᠡᠳᠡᠭᠡᠷ ᠪᠦᠷᠢᠮᠦᠰᠦᠨ ᠬᠥᠳᠡᠯᠭᠡᠭᠡᠨ ᠬᠢᠬᠦ ᠦᠭᠡᠢ᠂ ᠡᠳᠦᠷ ᠪᠦᠷᠢ 8 ᠴᠠᠭ᠋ ᠠᠴᠠ ᠢᠯᠡᠭᠦᠦ ᠤᠳᠠᠭᠠᠨ ᠰᠠᠭᠤᠭᠰᠠᠨ ᠬᠥᠮᠥᠰ ᠢ ᠴᠥᠭᠡᠨ ᠰᠠᠭᠤᠭᠰᠠᠨ ᠪᠥᠭᠡᠳ | ᠢᠯᠡᠭᠦᠦ ᠬᠥᠳᠡᠯᠦᠭᠰᠡᠨ ᠬᠥᠮᠥᠰ ᠲᠠᠢ ᠠᠳᠠᠯᠢᠳᠬᠠᠪᠠᠯ᠂ ᠦᠬᠦᠬᠦ ᠨᠤᠷᠮ᠎ᠠ ᠨᠢ 80% ᠪᠠᠷ ᠨᠡᠮᠡᠭᠳᠡᠳᠡᠭ᠃ ᠭᠡᠪᠡᠴᠦ ᠭᠦᠢᠴᠡᠳ ᠬᠡᠮᠵᠢᠶᠡᠨ ᠤ ᠲᠠᠮᠢᠷ ᠤᠨ | ᠪᠣᠯᠪᠠᠰᠤᠷᠠᠯ ᠨᠢ ᠨᠢᠭᠡ ᠪᠦᠯᠦᠭ ᠤᠳᠠᠭᠠᠨ ᠰᠠᠭᠤᠭᠰᠠᠨ ᠠᠴᠠ ᠪᠣᠯᠤᠭᠰᠠᠨ ᠬᠤᠣᠷ ᠬᠥᠨᠥᠭᠡᠯ ᠢ ᠠᠷᠢᠯᠭᠠᠵᠤ ᠳᠡᠶᠢᠯᠳᠡᠭ᠃ ᠡᠶᠢᠮᠦ ᠠᠴᠠ ᠲᠠ ᠪᠦᠭᠦᠨ ᠳᠤ ᠨᠢᠭᠡ ᠴᠠᠭ | ᠠᠯᠤᠰᠯᠠᠬᠤ ᠪᠦᠷᠢ ᠪᠣᠰᠴᠤ ᠬᠥᠳᠡᠯᠬᠦ ᠶᠢᠨ ᠬᠠᠮᠲᠤ ᠬᠡᠰᠡᠭ ᠪᠤᠰᠠᠭ ᠴᠠᠭ ᠢ ᠠᠰᠢᠭᠯᠠᠨ ᠪᠣᠯᠪᠠᠰᠤᠷᠠᠵᠤ᠂ ᠨᠠᠰᠤᠨ ᠳᠤ ᠭᠦᠷᠦᠭᠰᠡᠳ ᠭᠠᠷᠠᠭ ᠪᠦᠷᠢ ᠴᠢᠳᠠᠬᠤ ᠶᠢᠨ | ᠳᠣᠲᠣᠷ᠎ᠠ 150 ᠠᠴᠠ 300 ᠮᠢᠨᠦ᠋ᠲ ᠤᠨ ᠳᠤᠮᠳᠠ ᠵᠡᠷᠭᠡ ᠶᠢᠨ ᠬᠦᠴᠦᠯᠡᠴᠡ ᠲᠠᠢ ᠪᠤᠶᠤ 75 ᠠᠴᠠ 150 ᠮᠢᠨᠦ᠋ᠲ ᠤᠨ ᠥᠨᠳᠥᠷ ᠬᠦᠴᠦᠯᠡᠴᠡ ᠲᠠᠢ | ᠬᠦᠴᠢᠯᠲᠥ᠋ᠷᠥᠭᠴᠢᠲᠦ ᠬᠥᠳᠡᠯᠭᠡᠭᠡᠨ ᠬᠢᠬᠦ ᠶᠢ ᠰᠠᠨᠠᠭᠤᠯᠤᠶ᠎ᠠ᠃ | ᠤᠷᠳᠤ ᠬᠤᠭᠤᠴᠠᠭ᠎ᠠ ᠪᠠᠷ ᠨᠦᠢᠷ ᠳᠤᠲᠠᠭᠤᠳᠠᠬᠤ ᠵᠠᠷᠢᠮ ᠬᠥᠮᠥᠨ ᠠᠵᠢᠯᠯᠠᠬᠤ ᠶᠢᠨ ᠲᠥᠯᠥᠭᠡ ᠰᠥᠨᠢᠵᠢᠨ ᠰᠠᠭᠤᠳᠠᠭ᠂ ᠭᠡᠪᠡᠴᠦ ᠨᠡᠩ ᠣᠯᠠᠨ ᠬᠥᠮᠥᠨ ᠭᠠᠷ | ᠤᠲᠠᠰᠤ ᠨᠠᠭᠠᠳᠬᠤ᠂ ᠲᠣᠭᠯᠠᠭᠠᠮ ᠨᠠᠭᠠᠳᠬᠤ ᠶᠢᠨ ᠲᠥᠯᠥᠭᠡ ᠰᠥᠨᠢᠵᠢᠨ ᠰᠠᠭᠤᠳᠠᠭ᠃ ᠤᠷᠲᠤ ᠬᠤᠭᠤᠴᠠᠭ᠎ᠠ ᠨᠦᠢᠷ ᠬᠦᠷᠦᠯᠴᠡᠬᠦ ᠦᠭᠡᠢ ᠠᠴᠠ ᠪᠣᠯᠵᠤ᠂ ᠴᠢᠰᠤᠨ | ᠳᠣᠲᠣᠷᠠᠬᠢ ᠦᠷᠪᠢᠰᠦᠯ ᠤᠨ ᠨᠥᠯᠥᠭᠡᠯᠡᠭᠴᠢ ᠶᠢᠨ ᠴᠤᠭᠯᠠᠷᠠᠯ ᠢ ᠡᠭᠦᠰᠬᠡᠵᠦ᠂ ᠯᠤᠭᠰᠢᠭᠤᠨ ᠰᠤᠳᠠᠯ ᠤᠨ ᠥᠭᠡᠬᠦᠵᠢᠨ ᠬᠠᠲᠠᠭᠤᠷᠠᠯ ᠢ ᠡᠭᠦᠰᠬᠡᠵᠦ᠂ ᠵᠢᠷᠦᠬᠡᠨ ᠤ | ᠳᠠᠮᠵᠢᠭᠤᠯᠬᠤ ᠰᠢᠰᠲ᠋ᠧᠮ ᠢ ᠨᠥᠯᠥᠭᠡᠯᠡᠨ᠂ ᠵᠢᠷᠦᠬᠡᠨ ᠤ ᠠᠶᠢᠵᠠᠮ ᠬᠡᠪ ᠤᠨ ᠪᠠᠶᠢᠳᠠᠯ ᠢᠶᠠᠨ ᠠᠯᠳᠠᠬᠤ ᠵᠡᠷᠭᠡ ᠪᠠᠶᠢᠳᠠᠯ ᠢ ᠪᠤᠢ ᠪᠣᠯᠭᠠᠳᠠᠭ᠃ ᠶᠠᠷᠢᠶᠠᠨ ᠦᠭᠡᠢ ᠨᠦᠢᠷ | ᠬᠦᠷᠦᠯᠴᠡᠬᠦ ᠦᠭᠡᠢ ᠪᠤᠶᠤ ᠭᠡᠳᠦ ᠤᠨᠲᠠᠬᠤ ᠨᠢ ᠪᠦᠷ ᠵᠢᠷᠦᠬᠡ ᠴᠢᠰᠤᠨ ᠰᠤᠳᠠᠯ ᠤᠨ ᠡᠪᠡᠳᠴᠢᠨ ᠡᠭᠦᠰᠬᠦ ᠠᠶᠤᠯ ᠲᠦᠭᠰᠢᠭᠦᠷᠢ ᠶᠢ ᠨᠡᠮᠡᠭᠳᠡᠭᠦᠯᠦᠨ᠎ᠡ᠃ ᠡᠶᠢᠮᠦ ᠠᠴᠠ | ᠡᠷᠡᠭᠦᠯ ᠤᠨᠲᠠᠬᠤ ᠠᠷᠭ᠎ᠠ ᠮᠠᠶ᠋ᠢᠭ ᠨᠢ ᠵᠢᠷᠦᠬᠡ ᠴᠢᠰᠤᠨ ᠰᠤᠳᠠᠯ ᠤᠨ ᠡᠷᠡᠭᠦᠯ ᠮᠡᠨᠳᠦ ᠳᠤ ᠠᠰᠢᠭᠲᠠᠢ ᠪᠠᠶᠢᠳᠠᠭ᠂ ᠲᠠ ᠪᠦᠭᠦᠨ ᠳᠤ ᠣᠷᠣᠢ ᠪᠦᠷᠢ 10:00 ᠠᠴᠠ | 11:00 ᠴᠠᠭ ᠤᠨ ᠬᠤᠭᠤᠷᠣᠨᠳᠤ ᠤᠨᠲᠠᠵᠤ᠂ ᠡᠳᠦᠷ ᠪᠦᠷᠢ 7-9 ᠴᠠᠭ ᠤᠨᠲᠠᠵᠤ᠂ ᠤᠨᠲᠠᠬᠤ ᠪᠠ ᠪᠤᠰᠬᠤ ᠴᠠᠭ ᠢᠶᠠᠨ ᠴᠢᠳᠠᠬᠤ ᠶᠢᠨ ᠬᠢᠷᠢ ᠪᠠᠷ ᠵᠢᠮ᠎ᠡ | ᠶᠣᠰᠣ ᠲᠠᠢ ᠪᠠᠶᠢᠯᠭᠠᠬᠤ ᠶᠢ ᠰᠠᠨᠠᠭᠤᠯᠵᠤ ᠪᠠᠶᠢᠨ᠎ᠠ᠃ | ᠦᠷᠭᠦᠯᠵᠢ ᠰᠡᠳᠬᠢᠯ ᠤᠨ ᠳᠠᠷᠤᠭᠠᠰᠤ ᠲᠠᠢ ᠪᠠᠶᠢᠬᠤ ᠭᠡᠨᠡᠳᠲᠡ ᠪᠠᠷ ᠬᠢᠯᠢᠩᠨᠡᠬᠦ ᠪᠤᠶᠤ ᠭᠤᠳᠤᠷᠠᠬᠤ ᠵᠡᠷᠭᠡ ᠲᠦᠷᠭᠡᠨ ᠴᠢᠨᠠᠷᠲᠠᠢ ᠣᠶᠤᠨ ᠰᠠᠨᠠᠭᠠᠨ ᠤ ᠳᠠᠷᠤᠯᠲᠠ | ᠪᠤᠶᠤ ᠠᠵᠢᠯ ᠠᠮᠢᠳᠤᠷᠠᠯ ᠠᠴᠠ ᠪᠣᠯᠤᠭᠰᠠᠨ ᠤᠳᠠᠭᠠᠨ ᠴᠢᠨᠠᠷᠲᠠᠢ ᠣᠶᠤᠨ ᠰᠠᠨᠠᠭᠠᠨ ᠤ ᠳᠠᠷᠤᠯᠲᠠ ᠨᠢ ᠪᠦᠷ ᠪᠡᠶ᠎ᠡ ᠮᠠᠬᠠᠪᠤᠳ ᠤᠨ ᠳᠠᠷᠤᠯᠲᠠ ᠶᠢᠨ ᠬᠤᠷᠮᠣᠨ ᠢ | ᠰᠢᠭᠦᠷᠡᠭᠦᠯᠵᠦ᠂ ᠵᠢᠷᠦᠬᠡᠨ ᠲᠢᠲᠢᠮ ᠤᠨ ᠡᠪᠡᠳᠴᠢᠨ ᠢ ᠡᠭᠦᠰᠬᠡᠵᠦ᠂ ᠪᠠᠰᠠ ᠴᠢᠰᠤᠨ ᠰᠤᠳᠠᠯ ᠤᠨ ᠠᠪᠴᠢᠯᠲᠠ ᠶᠢ ᠬᠡᠪ ᠤᠨ ᠪᠤᠰᠤ ᠪᠣᠯᠭᠠᠳᠠᠭ᠃ | ᠵᠣᠪᠠᠨᠢᠯ᠂ ᠳᠠᠷᠤᠯᠲᠠ ᠵᠡᠷᠭᠡ ᠨᠠᠵᠠᠭᠠᠢ ᠤᠷᠮ᠎ᠠ ᠰᠡᠳᠬᠢᠯᠭᠡ ᠶᠢᠨ ᠮᠠᠭᠤ ᠨᠥᠯᠥᠭᠡ ᠠᠴᠠ ᠵᠠᠶᠢᠯᠠᠰᠬᠢᠶᠡ ᠭᠡᠪᠡᠯ᠂ ᠰᠡᠳᠬᠢᠯ ᠰᠠᠨᠠᠭ᠎ᠠ ᠪᠠᠨ ᠵᠣᠬᠢᠴᠠᠭᠤᠯᠬᠤ ᠶᠢ | ᠰᠤᠷᠴᠤ᠂ ᠡᠷᠡᠭᠦᠯ ᠴᠢᠭᠢᠷᠠᠭ ᠠᠷᠭ᠎ᠠ ᠪᠠᠷ ᠨᠠᠵᠠᠭᠠᠢ ᠤᠷᠮ᠎ᠠ ᠰᠡᠳᠬᠢᠯᠭᠡ ᠪᠠᠨ ᠢᠯᠡᠷᠡᠭᠦᠯᠬᠦ ᠬᠡᠷᠡᠭᠲᠡᠢ᠂ ᠵᠢᠱᠢᠶᠡᠯᠡᠪᠡᠯ ᠵᠣᠬᠢᠰᠲᠠᠢ ᠬᠥᠳᠡᠯᠭᠡᠭᠡᠨ ᠬᠢᠬᠦ᠂ ᠰᠠᠶᠢᠨ | ᠤᠨᠲᠠᠬᠤ᠂ ᠪᠠᠶᠢᠭᠠᠯᠢ ᠲᠠᠢ ᠣᠶᠢᠷᠠᠳᠬᠤ ᠵᠡᠷᠭᠡ ᠠᠷᠭ᠎ᠠ ᠨᠢ ᠪᠦᠷ ᠣᠶᠣᠨ ᠰᠠᠨᠠᠭᠠᠨ ᠤ ᠳᠠᠷᠤᠭᠠᠰᠤ ᠶᠢ ᠬᠥᠩᠭᠡᠷᠡᠭᠦᠯᠬᠦ ᠳᠤ ᠲᠤᠰᠠᠲᠠᠢ ᠶᠤᠮ᠃ |