ᠴᠢᠩᠭᠢᠰ ᠬᠠᠭᠠᠨ ᠪᠠᠯᠭᠠᠰᠤ  ᠶᠢᠨ ᠬᠤᠩ ᠭᠤᠸᠠᠩ ᠲᠣᠰᠬᠤᠨ
ᠨᠡᠶᠢᠲᠡᠯᠡᠭᠰᠡᠨ ᠴᠠᠭ᠄
2025/5/22
    ᠬᠤᠩ ᠭᠤᠸᠠᠩ ᠲᠣᠰᠬᠤᠨ ᠨᠢ ᠵᠡᠭᠦᠨ ᠤᠷᠲᠤᠷᠢᠭ ᠤᠨ 122°50′᠂ ᠤᠮᠠᠷᠠᠲᠤ ᠥᠷᠭᠡᠷᠢᠭ ᠤᠨ 47°44′ ᠳᠤ ᠪᠠᠶᠢᠷᠢᠯᠠᠵᠤ ᠪᠤᠢ᠃ ᠵᠡᠭᠦᠨ ᠲᠠᠯ᠎ᠠ ᠪᠠᠷ ᠢᠶᠠᠨ ᠵᠠᠯᠠᠨ ᠠᠶᠢᠯ ᠤᠨ ᠭᠢᠨᠳᠠᠨ ᠲᠠᠢ ᠬᠥᠷᠰᠢᠯᠡᠵᠦ᠂ ᠡᠮᠦᠨ᠎ᠡ ᠲᠠᠯ᠎ᠠ ᠪᠠᠷ ᠢᠶᠠᠨ ᠵᠢᠨᠪᠢᠶᠠᠨ ᠬᠤᠣ ᠶᠢᠨ  ᠰᠢᠷᠣᠶᠢᠲᠣ ᠤᠷᠳᠤ ᠴᠠᠭᠠᠨ ᠬᠡᠷᠡᠮ ᠲᠠᠢ ᠵᠠᠯᠭᠠᠯᠳᠤᠵᠤ᠂ ᠪᠠᠷᠠᠭᠤᠨ ᠲᠠᠯ᠎ᠠ ᠪᠠᠷ ᠢᠶᠠᠨ ᠰᠢᠨ ᠵᠠᠨ ᠲᠣᠰᠬᠤᠨ ᠲᠠᠢ ᠵᠠᠯᠭᠠᠯᠳᠤᠵᠤ᠂ ᠬᠤᠶᠢᠲᠤ ᠲᠠᠯ᠎ᠠ ᠪᠠᠷ ᠢᠶᠠᠨ ᠪᠠᠯᠭᠠᠰᠤᠨ ᠤ ᠲᠣᠭᠤᠷᠢᠭ ᠲᠤ ᠬᠦᠷᠦᠨ᠎ᠡ᠃ ᠴᠢᠩᠭᠢᠰ ᠬᠠᠭᠠᠨ ᠪᠠᠯᠭᠠᠰᠤᠨ ᠤ ᠴᠣᠷ ᠤᠨ ᠭᠠᠭᠴᠠ ᠴᠥᠭᠡᠨ ᠲᠣᠭᠠᠲᠤ ᠦᠨᠳᠦᠰᠦᠲᠡᠨ ᠤ ᠲᠣᠰᠬᠤᠨ ᠪᠣᠯᠤᠭᠰᠠᠨ ᠤ ᠬᠤᠪᠢ ᠳᠤ᠂ ᠠᠳᠡᠬᠢ ᠨᠢ ᠨᠡᠯᠢᠶᠡᠳ ᠪᠦᠷᠢᠨ ᠪᠦᠲᠦᠨ ᠰᠣᠯᠣᠩᠭᠤᠰ ᠦᠨᠳᠦᠰᠦᠲᠡᠨ ᠤ ᠠᠮᠢᠳᠤᠷᠠᠯ ᠤᠨ ᠵᠠᠩ ᠳᠠᠳᠬᠠᠯ ᠪᠠ ᠰᠣᠶᠣᠯ ᠤᠨ ᠤᠯᠠᠮᠵᠢᠯᠠᠯ ᠢᠶᠠᠨ ᠬᠠᠳᠠᠭᠠᠯᠠᠵᠤ᠂ ᠰᠣᠯᠣᠩᠭᠤᠰ ᠦᠨᠳᠦᠰᠦᠲᠡᠨ ᠤ ᠠᠷᠠᠳ ᠤᠨ ᠵᠠᠩ ᠳᠠᠳᠬᠠᠯ ᠢ ᠣᠶᠢᠯᠠᠭᠠᠬᠤ ᠰᠠᠶᠢᠨ ᠭᠠᠵᠠᠷ ᠪᠣᠯᠤᠭᠰᠠᠨ ᠪᠠᠶᠢᠨ᠎ᠠ᠃

2-1.png

   

    ᠠᠳᠡᠬᠢ ᠲᠣᠰᠬᠤᠨ ᠤ ᠠᠷᠠᠳ ᠤᠨ ᠣᠯᠠᠩᠬᠢ ᠨᠢ ᠪᠠᠶᠠᠷ ᠳᠤᠷᠠᠰᠬᠠᠯ ᠤᠨ ᠡᠳᠦᠷ ᠠᠮᠠᠷᠠᠯᠲᠠ ᠶᠢᠨ ᠡᠳᠦᠷ ᠦᠨᠳᠦᠰᠦᠲᠡᠨ ᠤ ᠬᠤᠪᠴᠠᠰᠤ ᠡᠮᠦᠰᠦᠨ᠎ᠡ᠂

ᠰᠣᠯᠣᠩᠭᠤᠰ ᠦᠨᠳᠦᠰᠦᠲᠡᠨ ᠤ ᠣᠨᠴᠠᠯᠢᠭ ᠲᠠᠢ ᠬᠤᠪᠴᠠᠰᠤ ᠶᠢ ᠦᠨᠳᠦᠰᠦᠨ ᠳᠡᠭᠡᠨ ᠬᠦᠷᠮ᠎ᠡ᠂ ᠳᠣᠣᠷ᠎ᠠ ᠬᠤᠪᠴᠠᠰᠤ᠂ ᠭᠠᠳᠠᠷ ᠬᠤᠪᠴᠠᠰᠤ ᠵᠡᠷᠭᠡ ᠪᠠᠷ ᠬᠤᠪᠢᠶᠠᠳᠠᠭ

᠃ ᠨᠠᠰᠤᠲᠠᠢ ᠬᠥᠮᠥᠨ ᠴᠠᠭᠠᠨ᠂ ᠴᠠᠶᠢᠪᠤᠷ᠂ ᠬᠠᠷ᠎ᠠ ᠥᠩᠭᠡ ᠳᠤ ᠳᠤᠷᠠᠲᠠᠢ᠂ ᠥᠬᠢᠨ᠂ ᠵᠠᠯᠠᠭᠤ ᠪᠦᠰᠡᠭᠦᠢ ᠬᠤᠶᠠᠷ ᠥᠩᠭᠡ ᠢᠯᠭᠠᠷᠠᠭᠰᠠᠨ ᠲᠣᠷᠭ᠎ᠠ ᠳᠤᠷᠳᠤᠩ

ᠵᠡᠷᠭᠡ ᠳᠤ ᠳᠤᠷᠠᠲᠠᠢ ᠪᠠᠶᠢᠳᠠᠭ᠃   ᠬᠤᠪᠴᠠᠰᠣ ᠵᠠᠰᠠᠯ ᠨᠢ ᠣᠯᠠᠨ ᠦᠩᠭᠡ ᠢᠯᠭᠠᠷᠠᠬᠤ ᠶᠢᠨ ᠬᠠᠮᠲᠤ ᠰᠣᠯᠣᠩᠭᠤᠰ ᠦᠨᠳᠦᠰᠦᠲᠡᠨ ᠤ ᠴᠣᠪᠣᠭᠤ ᠳᠡᠭᠵᠢᠨ ᠵᠠᠩ

ᠠᠷᠠᠨᠰᠢᠨ᠂ ᠰᠠᠶᠢᠨ ᠰᠠᠶᠢᠬᠠᠨ ᠢᠷᠡᠭᠡᠳᠦᠢ  ᠶᠢ ᠪᠡᠯᠭᠡᠳᠡᠭᠰᠡᠨ ᠦᠨᠳᠦᠰᠦᠲᠡᠨ ᠤ ᠣᠨᠴᠠᠯᠢᠭ  ᠢ ᠬᠠᠷᠠᠭᠤᠯᠵᠠᠢ᠃

2-2.png

   

    ᠠᠳᠡᠬᠢ ᠭᠠᠴᠠᠭᠠᠨ ᠤ ᠠᠷᠠᠳ ᠤᠨ ᠢᠳᠡᠭᠡᠨ ᠤᠮᠳᠠᠭᠠᠨ ᠤ ᠵᠠᠩ ᠳᠠᠳᠬᠠᠯ ᠨᠢ ᠮᠥᠨ ᠯᠡ ᠲᠤᠰ ᠦᠨᠳᠦᠰᠦᠲᠡᠨ ᠤ ᠪᠠᠨ ᠣᠨᠴᠠᠯᠢᠭ ᠢ ᠬᠠᠳᠠᠭᠠᠯᠠᠭᠰᠠᠭᠠᠷ

ᠪᠠᠶᠢᠨ᠎ᠠ᠃ ᠭᠤᠣᠯ ᠢᠳᠡᠭᠡᠨ ᠨᠢ ᠲᠤᠲᠤᠷᠭ᠎ᠠ᠂ ᠪᠣᠣᠪᠤ᠂ ᠰᠢᠩᠭᠡᠨ ᠪᠤᠳᠠᠭ᠎ᠠ᠂ ᠬᠤᠶᠢᠮᠠᠭ ᠵᠡᠷᠭᠡ ᠪᠠᠶᠢᠳᠠᠭ᠃ ᠬᠤᠯᠢᠰᠢᠨ ᠢᠳᠡᠭᠡᠨ ᠳᠤ ᠱᠥᠯᠥ᠂ ᠴᠢᠨᠠᠭᠰᠠᠨ

ᠨᠣᠭᠤᠭ᠎ᠠ᠂ ᠴᠢᠨᠠᠭᠰᠠᠨ ᠮᠢᠬ᠎ᠠ᠂ ᠳᠠᠷᠤᠰᠢᠯᠠᠭᠰᠠᠨ ᠨᠣᠭᠤᠭ᠎ᠠ᠂ ᠬᠠᠭᠤᠷᠤᠭᠰᠠᠨ ᠨᠣᠭᠤᠭ᠎ᠠ᠂ ᠵᠢᠩᠨᠡᠬᠦ᠂ ᠬᠠᠭᠠᠷᠢᠬᠤ᠂ ᠵᠢᠶᠠᠩ ᠲᠠᠢ ᠮᠢᠬ᠎ᠠ᠂ ᠲᠦᠭᠦᠬᠡᠢ ᠪᠠᠷ

ᠬᠤᠯᠢᠭᠰᠠᠨ ᠵᠢᠭᠠᠰᠤ᠂ ᠵᠢᠭᠠᠰᠤ ᠰᠠᠮ ᠬᠤᠷᠣᠬᠠᠢ ᠶᠢᠨ ᠵᠢᠶᠠᠩ ᠵᠡᠷᠭᠡ ᠪᠤᠶ᠃ ᠲᠣᠰᠬᠤᠨ ᠤ ᠰᠣᠯᠣᠩᠭᠤᠰ ᠦᠨᠳᠦᠰᠦᠲᠡᠨ ᠤ ᠣᠨᠴᠠᠯᠢᠭᠲᠤ ᠬᠤᠭᠤᠯᠠᠨ ᠭᠡᠷ ᠲᠤ᠂

ᠮᠠᠰᠢ ᠤᠯᠠᠨ ᠥᠪᠡᠷᠮᠢᠴᠡ ᠣᠨᠴᠠᠯᠢᠭ ᠲᠠᠢ ᠢᠳᠡᠭᠡᠨ᠂ ᠥᠩᠭᠡ ᠢᠯᠭᠠᠷᠠᠭᠰᠠᠨ ᠴᠢᠯᠠᠭᠤᠨ ᠲᠣᠭᠤᠭ᠎ᠠ ᠲᠠᠢ ᠬᠤᠯᠢᠮᠠᠯ ᠪᠤᠳᠠᠭ᠎ᠠ᠂ ᠬᠥᠮᠥᠨ ᠤ ᠪᠠᠭ᠋ᠠᠷᠤᠯ ᠢ ᠲᠠᠲᠠᠮ᠎ᠠ

ᠠᠮᠲᠠᠲᠠᠢ ᠪᠤᠳᠠᠭᠠᠨ ᠭᠡᠳᠡᠰᠦ᠂  ᠠᠮᠲᠠᠲᠠᠢ ᠬᠦᠢᠲᠡᠨ ᠮᠢᠨᠲᠤᠤᠷ᠂ ᠵᠥᠭᠡᠯᠡᠨ ᠠᠮᠲᠠᠲᠠᠶᠢᠬᠠᠨ ᠪᠣᠣᠪᠤ ᠪᠣᠭᠤᠷᠰᠤᠭ᠂ ᠰᠣᠷᠭᠤᠭ ᠰᠠᠶᠢᠬᠠᠨ ᠭᠤᠱᠤᠭᠤᠨ ᠴᠠᠭᠠᠨ

ᠨᠣᠭᠤᠭ᠎ᠠ ᠵᠡᠷᠭᠡ ᠰᠣᠯᠣᠩᠭᠤᠰ ᠦᠨᠳᠦᠰᠦᠲᠡᠨ ᠤ ᠣᠨᠴᠠᠯᠢᠭᠲᠤ ᠠᠮᠲᠠᠲᠤ ᠢᠳᠡᠭᠡᠨ ᠪᠤᠢ᠃ ᠠᠳᠡ᠂  ᠲᠠᠪᠠᠲᠠᠢ ᠵᠣᠭᠤᠭᠯᠠᠬᠤ ᠶᠢᠨ ᠳᠠᠭᠠᠣ᠂ ᠠᠮᠲᠠᠲᠤ ᠢᠳᠡᠭᠡᠨ ᠤ

ᠷᠢᠳᠢ ᠰᠢᠳᠢ ᠶᠢ ᠬᠠᠨᠲᠠᠯ᠎ᠠ ᠡᠳ᠋ᠯᠡᠵᠦ ᠪᠣᠯᠣᠨ᠎ᠠ᠃

    ᠠᠳᠡᠬᠢ ᠲᠣᠰᠬᠤᠨ ᠤ ᠠᠷᠠᠳ ᠤᠨ ᠣᠯᠠᠩᠬᠢ ᠨᠢ ᠳᠠᠭᠤᠯᠠᠨ ᠪᠥᠵᠢᠭᠯᠡᠬᠦ ᠳᠡᠭᠡᠨ ᠠᠪᠢᠶᠠᠰ ᠲᠠᠢ᠂ ᠵᠤᠭ᠎ᠠ ᠴᠡᠩᠭᠡᠯ ᠤᠨ ᠬᠥᠳᠡᠯᠭᠡᠭᠡᠨ ᠳᠤ ᠪᠠᠭ᠋ᠠᠲᠠᠢ ᠪᠠᠶᠢᠳᠠᠭ᠃

8 ᠰᠠᠷ᠎ᠠ ᠶᠢᠨ 15  ᠤ ᠡᠳᠦᠷ ᠪᠣᠯ ᠬᠤᠩ ᠭᠤᠸᠠᠩ ᠲᠣᠰᠬᠤᠨ ᠤ ᠵᠢᠯ ᠳᠤ ᠨᠢᠭᠡ ᠤᠳᠠᠭ᠎ᠠ ᠶᠠᠪᠤᠭᠳᠠᠳᠠᠭ ᠨᠠᠰᠤᠲᠠᠶᠢᠴᠤᠳ ᠤᠨ ᠪᠠᠶᠠᠷ ᠤᠨ ᠡᠳᠦᠷ ᠪᠣᠯᠣᠨ᠎ᠠ᠂

ᠨᠠᠰᠤᠲᠠᠨ ᠢᠶᠠᠨ ᠬᠦᠨᠳᠦᠯᠡᠵᠦ ᠨᠢᠯᠬᠠᠰ ᠢᠶᠠᠨ ᠬᠠᠶᠢᠷᠠᠯᠠᠬᠤ ᠤᠯᠠᠮᠵᠢᠯᠠᠯᠲᠤ ᠰᠠᠶᠢᠬᠠᠨ ᠰᠤᠷᠲᠠᠯ ᠢ ᠪᠠᠳᠠᠷᠠᠭᠤᠯᠵᠤ᠂ ᠦᠨᠳᠦᠰᠦᠲᠡᠨ ᠤ ᠣᠨᠴᠠᠯᠢᠭ ᠲᠠᠢ ᠵᠠᠩ ᠳᠠᠳᠬᠠᠯ ᠢ

ᠪᠠᠳᠠᠷᠠᠭᠤᠯᠬᠤ ᠶᠢᠨ ᠲᠥᠯᠥᠭᠡ᠂ ᠵᠢᠯ ᠪᠦᠷᠢ ᠶᠢᠨ ᠨᠠᠰᠤᠲᠠᠶᠢᠴᠤᠳ ᠤᠨ ᠪᠠᠶᠠᠷ ᠲᠤ ᠨᠠᠰᠤᠲᠠᠶᠢᠴᠤᠳ ᠴᠥᠮ ᠦᠨᠳᠦᠰᠦᠲᠡᠨ ᠤ ᠣᠨᠴᠠᠯᠢᠭ ᠲᠠᠢ ᠬᠤᠪᠴᠠᠰᠤ

ᠵᠠᠰᠠᠯ ᠢᠶᠠᠨ ᠡᠮᠦᠰᠴᠦ ᠳᠠᠭᠤᠯᠠᠨ ᠪᠥᠵᠢᠭᠯᠡᠳᠡᠭ᠂ ᠦᠷᠭᠦᠯᠵᠢ  ᠳᠠᠭᠤᠯᠠᠳᠠᠭ ᠠᠷᠠᠳ ᠤᠨ ᠳᠠᠭᠤᠤ ᠳᠤ ︽ᠳ᠋ᠤᠯᠠᠵᠢ︾᠂ ︽ᠠᠯᠢᠯᠠᠩ︾᠂ ︽ᠶᠠᠩ ᠱᠠᠨ ᠳ᠋ᠣᠣ︾ ᠵᠡᠷᠭᠡ

ᠪᠠᠶᠢᠳᠠᠭ᠃ ᠭᠡᠷ ᠤᠨ  ᠭᠠᠳᠠᠨ᠎ᠠ᠂ ᠪᠦᠰᠡᠭᠦᠶᠢᠴᠦᠳ ᠳᠡᠭᠦᠵᠢᠩ ᠨᠠᠭᠠᠳᠬᠤ ᠳᠤᠷᠠᠲᠠᠢ᠂ ᠭᠡᠷ ᠳᠣᠲᠣᠷ᠎ᠠ ᠰᠢᠳᠡᠬᠦ᠂ ︽ᠴᠡᠴᠡᠭ ᠤᠨ ᠤᠳᠬᠤᠭᠤᠷ︾ ᠵᠡᠷᠭᠡ ᠵᠤᠭ᠎ᠠ

ᠴᠡᠩᠭᠡᠯ ᠤᠨ ᠬᠥᠳᠡᠯᠭᠡᠭᠡᠨ ᠬᠢᠵᠦ ᠪᠣᠯᠳᠠᠭ᠃

 

ᠢᠷᠡᠯᠲᠡ᠄ ᠵᠠᠯᠠᠨ ᠠᠶᠢᠯ ᠬᠤᠲᠠ ᠶᠢᠨ ᠠᠷᠠᠳ ᠤᠨ ᠵᠠᠰᠠᠭ ᠤᠨ ᠣᠷᠳᠣᠨ