︽ᠵᠢᠷᠦᠬᠡᠪᠴᠢ ᠶᠢ ᠪᠤᠯᠢᠶᠠᠬᠤ︾ ᠶᠢᠨ ᠡᠭᠦᠰᠦᠯ ᠨᠢ ᠡᠸᠡᠩᠬᠢ ᠦᠨᠳᠦᠰᠦᠲᠡᠨ ᠤ ᠬᠡᠷᠡᠭᠯᠡᠵᠦ ᠪᠠᠶᠢᠭᠰᠠᠨ ᠴᠢᠷᠭᠡᠦᠯ ᠲᠡᠷᠭᠡ ᠲᠠᠢ ᠬᠤᠯᠪᠣᠭ᠎ᠠ ᠲᠠᠢ᠂ ᠡᠭᠦᠨ ᠳᠤ ︽ | ᠵᠢᠷᠦᠬᠡᠪᠴᠢ︾ ᠭᠡᠳᠡᠭ ᠨᠢ ᠴᠢᠷᠭᠡᠦᠯ ᠲᠡᠷᠭᠡᠨ ᠤ ᠲᠡᠩᠭᠡᠯᠢᠭ ᠳᠡᠭᠡᠷ᠎ᠡ ᠲᠡᠷᠭᠡᠨ ᠬᠦᠷᠳᠦ ᠶᠢ ᠲᠣᠭᠲᠠᠪᠤᠷᠢᠵᠢᠭᠤᠯᠬᠤ ᠳᠤ ᠬᠡᠷᠡᠭᠯᠡᠵᠦ᠂ ᠤᠨᠠᠬᠤ ᠠᠴᠠ ᠰᠡᠷᠭᠡᠶᠢᠯᠡᠵᠦ | ᠬᠢᠭᠰᠡᠨᠮᠣᠳᠣᠨᠲ᠋ᠡᠭᠡᠭᠯᠡᠬᠦ ᠶᠢ ᠵᠢᠭᠠᠵᠤ ᠪᠠᠶᠢᠨ᠎ᠠ᠃ ᠤᠷᠤᠯᠳᠤᠭᠠᠨ ᠤ ᠳᠤᠮᠳᠠ᠂ ᠤᠷᠤᠯᠳᠤᠭᠠᠨ ᠳᠤ ᠣᠷᠣᠯᠴᠠᠬᠤ ᠠᠩᠭᠢ ᠨᠢ ᠡᠨᠡ ᠬᠦ ︽ᠵᠢᠷᠦᠬᠡᠪᠴᠢ︾ ᠶᠢ ᠡᠷᠢᠵᠦ | ᠣᠯᠬᠤ ᠪᠠ ᠪᠤᠯᠢᠶᠠᠯᠳᠤᠵᠤ᠂ ᠡᠴᠦᠰ ᠤᠨ ᠲᠡᠷᠭᠡᠨ ᠬᠦᠷᠲᠦ ᠶᠢ ᠡᠷᠢᠵᠦ ᠣᠯᠣᠭᠠᠳ ᠲᠣᠭᠰᠢᠵᠣ ᠴᠣᠬᠢᠪᠠᠯ ᠢᠯᠠᠯᠲᠠ ᠣᠯᠣᠨ᠎ᠠ᠃ ᠡᠨᠡ ᠬᠦ ᠲᠠᠮᠢᠷ ᠤᠨ | ᠬᠥᠳᠡᠯᠭᠡᠭᠡᠨ ᠨᠢ ᠪᠡᠶ᠎ᠡ ᠶᠢᠨ ᠲᠠᠮᠢᠷ ᠤᠨ ᠤᠷᠤᠯᠳᠤᠭᠠᠨ ᠲᠡᠳᠦᠢ ᠪᠢᠰᠢ᠂ ᠪᠠᠰᠠ ᠰᠣᠶᠣᠯ ᠤᠨ ᠤᠯᠠᠮᠵᠢᠯᠠᠯ ᠪᠠ ᠰᠤᠷᠭᠠᠨ ᠬᠥᠮᠦᠵᠢᠯ ᠤᠨ ᠠᠴᠢ ᠬᠤᠯᠪᠣᠭᠳᠠᠯ ᠢ | ᠠᠭᠤᠰᠬᠠᠵᠤ᠂ ᠡᠸᠡᠩᠬᠢ ᠦᠨᠳᠦᠰᠦᠲᠡᠨ ᠤ ᠠᠷᠠᠳ ᠲᠦᠮᠡᠨ ᠤ ᠣᠶᠤᠨ ᠤᠬᠠᠭᠠᠨ ᠪᠠ ᠡᠷᠡᠯᠬᠡᠭ ᠵᠣᠷᠢᠭ ᠢ ᠢᠯᠡᠷᠡᠭᠦᠯᠦᠭᠰᠡᠨ ᠪᠠᠶᠢᠨ᠎ᠠ᠃ 2008 ᠣᠨ ᠤ 6 | ᠰᠠᠷ᠎ᠠ ᠶᠢᠨ 14 ᠤ ᠡᠳᠦᠷ ᠤᠨ ᠬᠤᠶᠠᠳᠤᠭᠠᠷ ᠪᠦᠯᠦᠭ ᠤᠯᠤᠰ ᠤᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠨᠡᠷᠡᠰ ᠤᠨ ᠵᠢᠭᠰᠠᠭᠠᠯᠲᠠ ᠳᠤ ᠨᠡᠶᠢᠲᠡᠯᠡᠪᠡ᠃ | ᠤᠯᠤᠰ ᠤᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠲᠤ ᠵᠢᠭᠰᠠᠭᠠᠭᠳᠠᠪᠠ᠃ | | | | | ᠠᠯᠢ ᠡᠷᠲᠡ ᠦᠶ᠎ᠡ ᠳᠤ᠂ ᠡᠸᠡᠩᠬᠢ ᠶᠢᠨ ᠨᠢᠭᠡᠨ ᠭᠡᠷ ᠪᠦᠯᠢ ᠦᠷ᠎ᠡ ᠬᠡᠦᠬᠡᠳ ᠭᠡᠷ ᠳᠦᠭᠦᠷᠡᠩ ᠪᠠᠶᠢᠵᠤ᠂ ᠮᠠᠯ ᠰᠦᠷᠦᠭ ᠨᠢ ᠲᠡᠭᠷᠢ ᠶᠢᠨ ᠣᠳᠣᠳ ᠲᠠᠢ | ᠠᠳᠠᠯᠢ ᠪᠠᠷ ᠲᠣᠭᠠᠯᠠᠰᠢ ᠦᠭᠡᠢ ᠤᠯᠠᠨ ᠪᠠᠶᠢᠪᠠ᠂ ᠲᠡᠳᠡ ᠤᠰᠤ ᠪᠡᠯᠴᠢᠭᠡᠷ ᠰᠠᠶᠢᠲᠠᠢ ᠲᠠᠯ᠎ᠠ ᠨᠤᠲᠤᠭ ᠲᠤ ᠲᠦᠰᠢᠭᠯᠡᠨ ᠵᠣᠯ ᠵᠢᠷᠭᠠᠯᠲᠤ ᠠᠮᠢᠳᠤᠷᠠᠯ ᠢ ᠥᠩᠭᠡᠷᠡᠭᠡᠵᠦ | ᠪᠠᠶᠢᠭᠰᠠᠨ ᠠᠵᠢ᠃ ᠨᠢᠭᠡ ᠵᠢᠯ ᠤᠨ ᠵᠤᠨ᠂ ᠪᠦᠬᠦ ᠭᠡᠷ ᠪᠠᠷ ᠢᠶᠠᠨ ᠲᠠᠯ᠎ᠠ ᠨᠤᠲᠤᠭ ᠲᠤ ᠨᠡᠭᠦᠳᠡᠯᠯᠡᠵᠦ᠂ ᠨᠢᠭᠡ ᠬᠡᠰᠡᠭ ᠨᠠᠮᠤᠭ ᠭᠠᠵᠠᠷ ᠢᠶᠠᠷ ᠥᠩᠭᠡᠷᠡᠬᠦ ᠦᠶ᠎ᠡ ᠳᠤ᠂ | ᠲᠦᠷᠦᠭᠦᠦ ᠲᠡᠷᠭᠡᠨ ᠤ ᠲᠥᠪ ᠨᠢ ᠮᠤᠯᠲᠤᠷᠠᠨ ᠭᠠᠷᠴᠤ ᠢᠷᠡᠭᠡᠳ ᠰᠠᠨᠠᠮᠰᠠᠷ ᠦᠭᠡᠢ ᠭᠡᠭᠡᠭᠳᠡᠭᠰᠡᠨ ᠠᠴᠠ ᠪᠣᠯᠵᠤ ᠬᠤᠶᠢᠨᠠᠬᠢ 50 ᠭᠠᠷᠤᠢ ᠲᠡᠷᠭᠡ ᠴᠦ ᠶᠠᠪᠤᠬᠤ ᠶᠢᠨ | ᠠᠷᠭ᠎ᠠ ᠦᠭᠡᠢ ᠪᠣᠯᠤᠭᠰᠠᠨ ᠪᠠᠶᠢᠨ᠎ᠠ᠃ ᠡᠨᠡ ᠦᠶ᠎ᠡ ᠳᠤ ᠨᠢᠭᠡᠨᠲᠡ ᠨᠠᠷᠠ ᠰᠢᠩᠭᠡᠵᠦ᠂ ᠬᠥᠮᠥᠨᠠᠮᠢᠲᠠᠨ ᠨᠢ ᠪᠦᠷ ᠶᠠᠳᠠᠷᠠᠵᠠᠢ᠃ ᠪᠠᠴᠢᠮ ᠪᠠᠶᠢᠳᠠᠯ ᠤᠨ ᠳᠤᠮᠳᠠ᠂ | ᠡᠯᠪᠡᠭ ᠲᠤᠷᠰᠢᠯᠭ᠎ᠠ ᠲᠠᠢ ᠵᠠᠯ᠎ᠠ ᠨᠠᠰᠤᠲᠠᠨ ᠬᠤᠶᠠᠷ ᠬᠦᠦ ᠪᠠᠨ ᠴᠤᠭᠯᠠᠭᠤᠯᠵᠤ᠂ ᠬᠤᠶᠠᠷ ᠬᠦᠦ ᠳᠡᠭᠡᠨ ᠲᠤᠰ ᠪᠦᠷᠢ ᠨᠢᠭᠡ ᠠᠩᠭᠢ ᠳᠠᠭᠠᠭᠤᠯᠵᠤ᠂ ᠤᠤᠯ ᠤᠨ | ᠵᠠᠮ ᠢᠶᠠᠷ ᠢᠶᠠᠨ ᠪᠤᠴᠠᠵᠤ ᠲᠡᠷᠭᠡᠨ ᠤ ᠵᠢᠷᠦᠬᠡᠪᠴᠢ ᠶᠢ ᠡᠷᠢᠵᠦ᠂ ᠠᠯᠢ ᠠᠩᠭᠢ ᠨᠢ ᠲᠡᠷᠭᠡᠨ ᠤ ᠵᠢᠷᠦᠬᠡᠪᠴᠢ ᠶᠢ ᠡᠷᠢᠵᠦ ᠣᠯᠣᠭᠠᠳ ᠲᠡᠷᠭᠡ ᠪᠠᠨ ᠵᠠᠰᠠᠪᠠᠯ ᠬᠡᠨ ᠢ | ᠱᠠᠩᠨᠠᠨ᠎ᠠ ᠭᠡᠵᠦ ᠵᠠᠬᠢᠪᠠ᠃ | ᠤᠳᠠᠯ ᠦᠭᠡᠢ ᠬᠤᠶᠠᠳᠤᠭᠠᠷ ᠬᠥᠪᠡᠭᠦᠨ ᠨᠢ ᠲᠡᠷᠭᠡᠨ ᠤ ᠵᠢᠷᠦᠬᠡᠪᠴᠢ ᠶᠢ ᠡᠷᠢᠵᠦ ᠣᠯᠣᠭᠠᠳ᠂ ᠠᠬ᠎ᠠ ᠨᠢ ᠭᠠᠪᠢᠶ᠎ᠠ ᠪᠠᠶᠢᠭᠤᠯᠬᠤ ᠶᠢᠨ ᠲᠥᠯᠥᠭᠡ ᠳᠡᠭᠦᠦ ᠲᠠᠢ ᠪᠠᠨ | ᠲᠡᠷᠭᠡᠨ ᠤ ᠵᠢᠷᠦᠬᠡᠪᠴᠢ ᠶᠢ ᠪᠤᠯᠢᠶᠠᠯᠳᠤᠪᠠ᠂ ᠢᠩᠭᠢᠭᠡᠳ ᠬᠤᠶᠠᠷ ᠡᠲᠡᠭᠡᠳ ᠤᠨ ᠴᠡᠷᠢᠭ ᠮᠣᠷᠢ ᠨᠢ ᠵᠢᠷᠦᠬᠡᠪᠴᠢ ᠶᠢ ᠪᠤᠯᠢᠶᠠᠬᠤ ᠪᠠᠷ ᠰᠢᠷᠦᠭᠦᠨ ᠲᠤᠯᠤᠯᠳᠤᠪᠠ᠃ | ᠬᠠᠮᠤᠭ ᠤᠨ ᠰᠡᠭᠦᠯ ᠳᠤ ᠠᠬ᠎ᠠ ᠨᠢ ᠲᠡᠭᠦᠨ ᠢ ᠪᠤᠯᠢᠶᠠᠨ ᠠᠪᠠᠴᠢᠵᠤ᠂ ᠲᠦᠷᠦᠭᠦᠦ ᠲᠡᠷᠭᠡ ᠪᠠᠨ ᠮᠠᠰᠢ ᠲᠦᠷᠭᠡᠨ ᠵᠠᠰᠠᠵᠤ ᠳᠠᠭᠤᠰᠬᠠᠭᠠᠳ᠂ ᠨᠡᠭᠦᠳᠡᠯ ᠤᠨ ᠴᠡᠷᠢᠭ | ᠠᠩᠭᠢ ᠵᠣᠷᠢᠭᠰᠠᠨ ᠭᠠᠵᠠᠷ ᠲᠠᠭᠠᠨ ᠤᠷᠤᠭᠰᠢᠲᠠᠢ ᠪᠠᠷ ᠬᠦᠷᠦᠭᠰᠡᠨ ᠪᠠᠶᠢᠨ᠎ᠠ᠃ ᠬᠡᠷᠡᠭ ᠤᠨ ᠳᠠᠷᠠᠭ᠎ᠠ ᠵᠠᠯ᠎ᠠ ᠨᠠᠰᠤᠲᠠᠨ ᠬᠤᠶᠠᠷ ᠬᠦᠦ ᠳᠡᠭᠡᠨ᠄ ︽ᠵᠠᠬ᠎ᠠ ᠳᠤ | ᠬᠡᠳᠦᠶᠢᠪᠡᠷ ᠵᠠᠶᠠᠭᠠᠨ ᠤ ᠬᠢᠷᠢ ᠬᠡᠮᠵᠢᠶᠡᠨ ᠳᠤ ᠬᠦᠷᠬᠦ ᠦᠭᠡᠢ ᠪᠣᠯᠪᠠᠴᠤ᠂ ᠲᠡᠭᠦᠨ ᠤ ᠰᠡᠳᠬᠢᠯ ᠰᠠᠨᠠᠭ᠎ᠠ ᠬᠤᠷᠴᠠ ᠰᠡᠷᠭᠦᠯᠡᠩ᠂ ᠨᠢᠳᠦ ᠬᠤᠷᠴᠠ ᠭᠠᠷ ᠪᠤᠰᠢᠭᠤ | ᠪᠠᠶᠢᠵᠤ ᠂ ᠰᠥᠨᠢ ᠶᠢᠨ ᠭᠦᠨ ᠳᠤ ᠵᠢᠷᠦᠬᠡᠪᠴᠢ ᠶᠢ ᠣᠯᠵᠤ ᠴᠢᠳᠠᠳᠠᠭ᠂ ᠵᠠᠶᠠᠭᠠᠨ ᠳᠤ ᠬᠡᠳᠦᠶᠢᠪᠡᠷ ᠳᠡᠭᠦᠦ ᠶᠢᠨ ᠬᠢᠨᠢ ᠬᠤᠷᠴᠠ ᠰᠡᠷᠭᠡᠭ ᠪᠢᠰᠢ ᠪᠣᠯᠪᠠᠴᠤ ᠡᠷᠡᠰ | ᠬᠠᠲᠠᠭᠤ ᠲᠡᠮᠡᠴᠡᠯ ᠤᠨ ᠤᠬᠠᠮᠰᠠᠷ ᠲᠠᠢ ᠪᠣᠯᠬᠤᠷ ᠬᠤᠶᠠᠭᠤᠯᠠ ᠪᠠᠨ ᠴᠥᠮ ᠱᠠᠩᠨᠠᠯ ᠭᠥᠷᠳᠡᠭᠰᠡᠨ︾ ᠭᠡᠵᠦ ᠬᠡᠯᠡᠪᠡ᠃ ᠨᠠᠰᠤᠲᠠᠨ ᠬᠤᠶᠠᠷ ᠬᠦᠦ ᠪᠠᠨ ᠵᠠᠪᠠᠯ ᠥᠪᠡᠷ | ᠥᠪᠡᠷ ᠤᠨ ᠳᠠᠪᠠᠭᠤᠯᠢᠭ ᠲᠠᠯ᠎ᠠ ᠪᠠᠨ ᠪᠠᠳᠠᠷᠠᠭᠤᠯᠵᠤ᠂ ᠳᠤᠲᠠᠭᠳᠠᠯ ᠲᠠᠢ ᠲᠠᠯ᠎ᠠ ᠪᠠᠨ ᠢᠯᠠᠨ ᠳᠠᠪᠠᠵᠤ᠂ ᠪᠦᠯᠬᠦᠮᠳᠡᠨ ᠬᠠᠮᠲᠤᠷᠠᠯᠴᠠᠳᠠᠭ ᠯᠠ ᠶᠤᠮ ᠪᠣᠯ ᠠᠯᠢᠪᠠ | ᠬᠦᠴᠢᠷ ᠪᠡᠷᠬᠡᠰᠢᠶᠡᠯ ᠢ ᠯᠠᠪᠲᠠᠢ ᠢᠯᠠᠨ ᠳᠠᠪᠠᠵᠤ ᠴᠢᠳᠠᠨ᠎ᠠ ᠭᠡᠵᠦ ᠦᠭᠡ ᠦᠨᠡᠨᠴᠢ ᠰᠡᠳᠬᠢᠯᠭᠡ ᠲᠠᠢ ᠪᠠᠷ ᠰᠣᠷᠭᠠᠪᠠ᠃ | | | | | | | ᠬᠤᠵᠢᠮ ᠤᠨ ᠬᠥᠮᠥᠰ ᠡᠨᠡ ᠬᠦ ᠭᠡᠷ ᠪᠦᠯᠢ ᠶᠢᠨ ᠢᠶᠠᠨ ᠠᠵᠢᠯᠴᠢ ᠬᠥᠳᠡᠯᠮᠦᠷᠢᠴᠢ ᠡᠷᠡᠯᠬᠡᠭ ᠪᠠᠭᠠᠲᠤᠷᠯᠢᠭ ᠪᠠ ᠰᠡᠴᠡᠨ ᠰᠡᠷᠭᠦᠯᠡᠩ ᠰᠢᠯᠢᠳᠡᠭ ᠵᠠᠩ ᠴᠢᠨᠠᠷ ᠢ | ᠳᠤᠷᠠᠰᠬᠠᠬᠤ ᠶᠢᠨ ᠲᠥᠯᠥᠭᠡ ᠠᠭᠠᠵᠢᠮ ᠢᠶᠠᠷ ᠡᠸᠡᠩᠬᠢ ᠦᠨᠳᠦᠰᠦᠲᠡᠨ ᠤ ᠠᠷᠠᠳ ᠲᠦᠮᠡᠨ ᠤ ᠪᠠᠭ᠋ᠠᠷᠬᠠᠳᠠᠭ ᠠᠷᠠᠳ ᠤᠨ ᠪᠡᠶ᠎ᠡ ᠲᠠᠮᠢᠷ ᠤᠨ ᠬᠥᠳᠡᠯᠭᠡᠭᠡᠨ ᠪᠣᠯᠭᠠᠭᠰᠠᠨ | ᠪᠠᠶᠢᠨ᠎ᠠ᠃ | | |