ᠵᠢᠮᠢᠰ ᠲᠤ ᠬᠦᠮᠦᠨ ᠤ ᠪᠡᠶ᠎ᠡ ᠳᠤ ᠱᠠᠭᠠᠷᠳᠠᠭᠳᠠᠠᠬᠤ ᠣᠯᠠᠨ ᠡᠯᠧᠮᠧᠨ᠋ᠲ ᠪᠠᠶᠢᠳᠠᠭ
ᠨᠡᠶᠢᠲᠡᠯᠡᠭᠰᠡᠨ ᠴᠠᠭ᠄
2020/10/14
      ᠵᠢᠮᠢᠰ ᠤᠨ ᠤᠬᠢ ᠰᠠᠶᠢᠨ ᠦᠢᠯᠡᠳᠤᠯ ᠢ ᠬᠦᠢᠴᠡᠳ ᠪᠠᠳᠠᠷᠠᠭᠤᠯᠤᠶ᠎ᠠ ᠬᠡᠪᠡᠯ ᠵᠦᠪ ᠤᠨᠤᠪᠴᠢᠳᠠᠢ ᠢᠳᠡᠬᠦ ᠠᠷᠭ᠎ᠠ ᠴᠦ ᠮᠠᠰᠢ ᠴᠢᠬᠤᠯᠠ ᠪᠠᠶᠢᠳᠠᠭ᠃       ᠶᠡᠷᠦᠳᠡᠬᠡᠨ ᠦᠷᠯᠦᠬᠡ ᠶᠢᠨ ᠴᠠᠢ ᠠᠴᠠ ᠡᠮᠤᠨ᠎ᠠ ᠵᠢᠮᠢᠰ ᠢᠳᠡᠪᠠᠯ ᠬᠤᠳᠤᠭᠤᠳᠤ ᠶᠢ ᠰᠠᠶᠢᠵᠢᠷᠠᠭᠤᠯᠬᠤ ᠮᠦᠷᠳᠡᠬᠡᠨ ᠸᠢᠲ᠋ᠠᠮᠢᠨ ᠤ ᠰᠢᠩᠬᠡᠬᠡᠭᠳᠡᠬᠦ ᠶᠢ ᠠᠬᠢᠭᠤᠯᠳᠠᠭ᠃ ᠬᠦᠮᠦᠰ ᠤᠨ ᠬᠤᠳᠤᠭᠤᠳᠤ ᠬᠡᠳᠡᠰᠤ ᠪᠦᠳᠦᠨ ᠰᠦᠨᠢ ᠠᠮᠠᠷᠠᠭᠰᠠᠨ ᠤ ᠲᠠᠷᠠᠭ᠎ᠠ ᠰᠢᠩᠬᠡᠬᠡᠬᠦ ᠴᠢᠳᠠᠪᠤᠷᠢ ᠨᠢ ᠴᠢᠩᠭ᠎ᠠ ᠪᠢᠰᠢ ᠪᠤᠯᠳᠠᠭ ᠴᠦ ᠬᠦᠮᠦᠨ ᠤ ᠪᠠᠶ᠎ᠠ ᠬᠦᠢᠴᠡᠳ ᠰᠢᠮ᠎ᠠ ᠲᠠᠵᠢᠬᠡᠯ ᠬᠦᠷᠳᠡᠬᠦ ᠶᠢ ᠱᠠᠭᠠᠷᠳᠠᠳᠠᠭ ᠪᠤᠯᠬᠤᠷ ᠦᠷᠯᠦᠬᠡ ᠠᠮᠠᠷᠬᠠᠨ ᠰᠢᠩᠬᠡᠬᠡᠳᠡᠭ ᠵᠢᠮᠢᠰ ᠢᠳᠡᠪᠠᠯ ᠦᠳᠡ ᠶᠢᠨ ᠡᠮᠤᠨᠡᠬᠢ ᠠᠵᠢᠯ ᠪᠤᠶᠤ ᠰᠤᠷᠤᠯᠴᠠᠯᠭ᠎ᠠ ᠳᠤ ᠱᠠᠭᠠᠷᠳᠠᠬᠤ ᠰᠢᠮ᠎ᠠ ᠲᠠᠵᠢᠬᠡᠯ ᠢ ᠬᠠᠩᠭᠠᠵᠤ ᠲᠠᠶᠢᠯᠦᠨ᠎ᠠ᠃ ᠬᠡᠪᠡᠴᠦ ᠦᠷᠯᠦᠬᠡ ᠶᠢᠨ ᠴᠠᠢ ᠠᠴᠠ ᠡᠮᠤᠨ᠎ᠠ ᠬᠠᠮᠤᠭ ᠰᠠᠶᠢᠨ ᠨᠢ ᠬᠦᠴᠢᠯᠯᠢᠭ ᠴᠢᠨᠠᠷ ᠢᠶᠠᠷ ᠴᠢᠩᠭ᠎ᠠ ᠪᠢᠰᠢ ᠪᠠᠶᠢᠳᠠᠭ ᠠᠯᠮᠤᠷᠠᠳ᠂ ᠠᠯᠢᠮ᠎ᠠ᠂ ᠪᠠᠨᠠᠨᠠ᠂ ᠦᠵᠦᠮ ᠮᠡᠳᠤ ᠶᠢᠨ ᠵᠢᠮᠢᠰ ᠢ ᠰᠤᠩᠭᠤᠬᠤ ᠬᠡᠷᠡᠭᠳᠠᠢ᠃ ᠬᠤᠳᠤᠭᠤᠳᠤ ᠬᠡᠳᠡᠰᠤ ᠰᠠᠶᠢᠨ ᠪᠢᠰᠢ ᠬᠦᠮᠦᠰ ᠡᠨᠡᠬᠦ ᠬᠤᠭᠤᠴᠠᠭᠠᠨ ᠳᠤ ᠵᠢᠮᠢᠰ ᠢᠳᠡᠬᠦ ᠦᠬᠡᠢ ᠪᠤᠯ ᠰᠠᠶᠢᠨ᠃      ᠦᠳᠡ ᠶᠢᠨ ᠡᠮᠤᠨᠡᠬᠢ 10 ᠴᠠᠭ ᠤᠨ ᠦᠶ᠎ᠠ ᠪᠠᠷ ᠬᠡᠰᠡᠭ ᠬᠤᠭᠤᠴᠠᠭ᠎ᠠ ᠶᠢᠨ ᠪᠠᠴᠢᠮ ᠶᠠᠭᠠᠷᠠᠯᠳᠠᠢ ᠠᠵᠢᠯ ᠪᠠ ᠰᠤᠷᠤᠯᠴᠠᠯᠭ᠎ᠠ ᠶᠢ ᠦᠩᠬᠡᠷᠡᠬᠦᠯᠦᠭᠰᠡᠨ ᠪᠤᠯᠬᠤᠷ ᠪᠠᠶ᠎ᠠ ᠲᠤᠳᠤᠷᠠᠬᠢ ᠨᠡᠬᠦᠷᠡᠰᠤ ᠤᠰᠤᠨ ᠤ ᠨᠢᠬᠡᠳᠤᠯ ᠤᠳ ᠦᠨᠳᠤᠰᠤᠨ ᠳᠡᠭᠡᠨ ᠲᠠᠭᠤᠰᠴᠠᠢ᠃ ᠡᠨᠡ ᠦᠶ᠎ᠠ ᠳᠤ ᠵᠢᠮᠢᠰ ᠢᠳᠡᠪᠠᠯ ᠵᠢᠮᠢᠰ ᠤᠨ ᠰᠢᠬᠢᠷ ᠪᠠ ᠦᠵᠦᠮ ᠤᠨ ᠰᠢᠬᠢᠷ ᠨᠢ ᠦᠳᠳᠡᠷ ᠲᠦᠷᠬᠡᠨ ᠢᠶᠠᠷ ᠪᠠᠶ᠎ᠠ ᠳᠤ ᠰᠢᠩᠬᠡᠬᠡᠭᠳᠡᠵᠤ᠂ ᠶᠡᠭᠡ ᠲᠠᠷᠢᠬᠢ ᠪᠠ ᠪᠠᠶ᠎ᠠ ᠳᠤ ᠱᠠᠭᠠᠷᠳᠠᠭᠳᠠᠬᠤ ᠡᠨᠧᠷᠬᠢ ᠶᠢ ᠨᠦᠬᠦᠪᠤᠷᠢᠯᠡᠳᠡᠭ ᠪᠠᠶᠢᠨ᠎ᠠ᠃ ᠡᠨᠡᠬᠦ ᠬᠤᠭᠤᠴᠠᠭ᠎ᠠ ᠨᠢ ᠴᠦ ᠬᠦᠮᠦᠨ ᠤ ᠪᠠᠶ᠎ᠠ ᠶᠢᠨ ᠰᠢᠩᠬᠡᠬᠡᠯᠳᠡ ᠬᠠᠮᠤᠭ ᠤᠨ ᠰᠠᠶᠢᠨ ᠦᠶ᠎ᠠ ᠪᠠᠶᠢᠵᠤ᠂ ᠵᠢᠮᠢᠰ ᠤᠨ ᠲᠤᠳᠤᠷᠠᠬᠢ ᠶᠡᠭᠡ ᠬᠡᠮᠵᠢᠶᠡᠨ ᠤ ᠸᠢᠲ᠋ᠠᠮᠢᠨ ᠪᠠ ᠡᠷᠦᠳᠡᠰᠤ ᠪᠤᠳᠠᠰ ᠨᠢ ᠰᠢᠨ᠎ᠠ ᠬᠠᠭᠤᠴᠢᠨ ᠤ ᠰᠤᠯᠢᠯᠴᠠᠭ᠎ᠠ ᠳᠤ ᠮᠠᠰᠢ ᠰᠠᠶᠢᠨ ᠠᠬᠢᠭᠤᠯᠬᠤ ᠦᠢᠯᠡᠳᠤᠯ ᠲᠠᠢ᠃      ᠬᠢᠳᠡᠳ ᠡᠮᠨᠡᠯᠬᠡ ᠶᠢᠨ ᠦᠵᠡᠬᠦ ᠪᠠᠷ᠂ ᠦᠳᠡ ᠶᠢᠨ ᠡᠮᠤᠨᠡᠬᠢ 10 ᠴᠠᠭ ᠤᠨ ᠦᠶ᠎ᠠ ᠪᠠᠷ ᠬᠤᠳᠤᠭᠤᠳᠤ ᠲᠠᠯᠢᠬᠦᠤ ᠶᠢᠨ ᠠᠵᠢᠯᠯᠠᠭ᠎ᠠ ᠬᠠᠮᠤᠭ ᠰᠠᠶᠢᠨ ᠪᠠᠶᠢᠵᠤ᠂ ᠬᠤᠳᠤᠭᠤᠳᠤ ᠲᠠᠯᠢᠬᠦᠤ ᠶᠢᠨ ᠬᠡᠮ ᠲᠠᠢ ᠬᠦᠮᠦᠰ ᠡᠨᠡ ᠦᠶ᠎ᠠ ᠳᠤ ᠵᠢᠮᠢᠰ ᠢᠳᠡᠪᠠᠯ ᠰᠢᠩᠬᠡᠬᠡᠯᠳᠡ ᠳᠤ ᠨᠡᠩ ᠰᠠᠶᠢᠨ ᠪᠠᠶᠢᠳᠠᠭ᠃ ᠬᠤᠭᠤᠯᠠᠨ ᠤ 1 ᠴᠠᠭ ᠤᠨ ᠲᠠᠷᠠᠭ᠎ᠠ ᠵᠢᠮᠢᠰ ᠢᠳᠡᠪᠠᠯ ᠢᠳᠡᠰᠢ ᠶᠢᠨ ᠰᠢᠩᠬᠡᠬᠡᠯᠳᠡ ᠠᠬᠢᠭᠤᠯᠬᠤ ᠪᠤᠯᠬᠤᠷ ᠵᠦᠷᠵᠢ᠂ ᠪᠠᠳᠤᠷᠰᠢ᠂ ᠦᠬᠦᠰᠢᠷᠡᠮᠡᠯ ᠲᠤᠭᠤᠷ᠂ ᠲᠤᠯᠤᠨᠤ ᠵᠡᠷᠬᠡ ᠵᠢᠮᠢᠰ ᠢ ᠢᠳᠡᠪᠠᠯ ᠰᠠᠶᠢᠨ᠃ ᠦᠳᠡᠰᠢ ᠶᠢᠨ ᠬᠤᠭᠤᠯᠠᠨ ᠤ ᠲᠠᠷᠠᠭ᠎ᠠ ᠵᠢᠮᠢᠰ ᠢᠳᠡᠪᠠᠯ ᠰᠢᠩᠬᠡᠬᠡᠯᠳᠡ ᠳᠤ ᠠᠰᠢᠭ ᠦᠬᠡᠢ ᠪᠦᠬᠡᠳ ᠪᠠᠰᠠ ᠠᠷᠪᠢᠨ ᠢᠳᠡᠵᠤ ᠲᠠᠶᠢᠯᠬᠦ ᠦᠬᠡᠢ ᠪᠤᠯᠬᠤᠷ ᠵᠢᠮᠢᠰ ᠤᠨ ᠲᠤᠳᠤᠷᠠᠬᠢ ᠰᠢᠬᠢᠷ ᠠᠮᠠᠷᠬᠠᠨ ᠦᠬᠡᠬᠦ ᠪᠤᠯᠵᠤ ᠤᠯᠠᠷᠢᠭᠠᠳ ᠪᠠᠶ᠎ᠠ ᠲᠤᠳᠤᠷ᠎ᠠ ᠤᠪᠤᠭᠠᠷᠠᠳᠠᠭ ᠪᠠᠶᠢᠨ᠎ᠠ᠃       ᠵᠢᠮᠢᠰ ᠤᠨ ᠲᠤᠳᠤᠷ᠎ᠠ ᠬᠦᠮᠦᠨ ᠤ ᠪᠠᠶ᠎ᠠ ᠳᠤ ᠱᠠᠭᠠᠷᠳᠠᠭᠳᠠᠳᠠᠭ ᠤᠯᠠᠨ ᠵᠦᠢᠯ ᠤᠨ ᠸᠢᠲ᠋ᠠᠮᠢᠨ᠂ ᠡᠷᠦᠳᠡᠰᠤ ᠪᠤᠳᠠᠰ᠂ ᠨᠡᠬᠦᠷᠡᠰᠤ ᠤᠰᠤᠨ ᠤ ᠨᠢᠬᠡᠳᠤᠯ᠂ ᠪᠦᠳᠦᠬᠦᠯᠢᠭ ᠰᠢᠷᠬᠡᠭᠯᠢᠭ ᠡᠳ᠋᠂ ᠤᠭᠤᠷᠠᠭ ᠵᠢᠴᠢ ᠦᠬᠡᠬᠦ ᠵᠡᠷᠬᠡ ᠰᠢᠮ᠎ᠠ ᠲᠠᠵᠢᠬᠡᠯᠳᠤ ᠪᠤᠳᠠᠰ ᠠᠭᠤᠯᠬᠤ ᠪᠤᠯᠬᠤᠷ ᠡᠷᠡᠬᠦᠯ ᠮᠡᠨᠳᠤ ᠶᠢ ᠠᠬᠢᠭᠤᠯᠵᠤ᠂ ᠡᠪᠡᠳᠴᠢᠨ ᠬᠡᠮ ᠠᠴᠠ ᠰᠡᠷᠬᠡᠶᠢᠯᠡᠳᠡᠭ᠃ ᠪᠠᠰᠠ ᠭᠤᠸᠠᠵᠢᠭᠤᠯᠬᠤ ᠦᠢᠯᠡᠳᠤᠯ ᠲᠠᠢ ᠪᠠᠶᠢᠵᠤ᠂ ᠤᠳᠤ ᠦᠶ᠎ᠠ ᠶᠢᠨ ᠬᠦᠮᠦᠰ ᠤᠨ ᠬᠠᠮᠤᠭ ᠠᠴᠠ ᠪᠠᠭ᠋ᠠᠷᠬᠠᠳᠠᠭ ᠪᠠᠶᠢᠭᠠᠯᠢᠯᠢᠬ ᠡᠷᠡᠬᠦᠯᠵᠢᠯ ᠤᠨ ᠢᠳᠡᠬᠡᠨ ᠮᠦᠨ᠃ ᠵᠢᠮᠢᠰ ᠢᠳᠡᠬᠦ ᠳᠡᠭᠡᠨ ᠴᠠᠭ ᠬᠤᠭᠤᠴᠠᠭ᠎ᠠ ᠶᠢ ᠠᠩᠬᠠᠷᠴᠦ᠂ ᠰᠢᠨ᠎ᠠ ᠰᠤᠷᠭᠤᠭ ᠵᠢᠮᠢᠰ ᠢ ᠬᠠᠮᠤᠭ ᠰᠠᠶᠢᠨ ᠨᠢ ᠦᠳᠡ ᠶᠢᠨ ᠡᠮᠤᠨ᠎ᠠ ᠢᠳᠡᠪᠡᠯ ᠵᠤᠬᠢᠨ᠎ᠠ᠃ ᠦᠳᠡ ᠶᠢᠨ ᠡᠮᠤᠨ᠎ᠠ ᠵᠢᠮᠢᠰ ᠢᠳᠡᠪᠠᠯ ᠬᠦᠮᠦᠨ ᠤ ᠪᠠᠶ᠎ᠠ ᠳᠤ ᠬᠠᠮᠤᠭ ᠰᠠᠶᠢᠨ ᠪᠠᠶᠢᠵᠤ᠂ ᠲᠠᠬᠦᠨ ᠤ ᠰᠢᠮ᠎ᠠ ᠲᠠᠵᠢᠬᠡᠯ ᠤᠨ ᠦᠷᠳᠡᠭ ᠢ ᠨᠡᠩ ᠰᠠᠶᠢᠨ ᠪᠠᠳᠠᠷᠠᠭᠤᠯᠤᠨ ᠬᠦᠮᠦᠨ ᠤ ᠪᠠᠶ᠎ᠠ ᠳᠤ ᠠᠰᠢᠭᠳᠠᠢ ᠪᠤᠳᠠᠰ ᠢ ᠢᠯᠭᠠᠷᠠᠭᠤᠯᠵᠤ ᠲᠠᠶᠢᠯᠳᠡᠭ᠃ ᠡᠨᠡ ᠨᠢ ᠭᠤᠤᠯᠳᠠᠭᠤ ᠬᠦᠮᠦᠨ ᠤ ᠪᠠᠶ᠎ᠠ ᠨᠢᠬᠡ ᠰᠦᠨᠢ ᠠᠮᠠᠷᠠᠭᠰᠠᠨ ᠤ ᠲᠠᠷᠠᠭ᠎ᠠ ᠬᠤᠳᠤᠭᠤᠳᠤ ᠬᠡᠳᠡᠰᠤ ᠶᠢᠨ ᠰᠢᠩᠬᠡᠬᠡᠬᠦ ᠴᠢᠳᠠᠪᠤᠷᠢ ᠴᠢᠩᠭ᠎ᠠ ᠪᠢᠰᠢ ᠪᠠᠶᠢᠳᠠᠭ ᠪᠤᠯᠪᠠᠴᠦ ᠪᠠᠰᠠ ᠡᠯ᠎ᠠ ᠵᠦᠢᠯ ᠤᠨ ᠰᠢᠮ᠎ᠠ ᠲᠠᠵᠢᠬᠡᠯ ᠢ ᠬᠦᠢᠴᠡᠳ ᠨᠦᠬᠦᠪᠤᠷᠢᠯᠡᠬᠦ ᠴᠢᠬᠤᠯᠠᠳᠠᠢ ᠪᠤᠯᠬᠤᠷ ᠰᠢᠩᠬᠡᠬᠡᠯᠳᠡ ᠳᠤ ᠰᠠᠶᠢᠨ ᠪᠠᠶᠢᠳᠠᠭ ᠵᠢᠮᠢᠰ ᠢᠳᠡᠪᠠᠯ ᠦᠳᠡ ᠶᠢᠨ ᠡᠮᠤᠨᠡᠬᠢ ᠠᠵᠢᠯ ᠪᠤᠶᠤ ᠰᠤᠷᠤᠯᠴᠠᠯᠭ᠎ᠠ ᠳᠤ ᠱᠠᠭᠠᠷᠳᠠᠬᠤ ᠰᠢᠮ᠎ᠠ ᠲᠠᠵᠢᠬᠡᠯ ᠤᠨ ᠬᠡᠷᠡᠭᠴᠡᠭᠡ ᠶᠢ ᠬᠠᠩᠭᠠᠵᠤ ᠲᠠᠶᠢᠯᠳᠡᠭ ᠶᠤᠮ᠃
 
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号