ᠵᠢᠯᠤᠭᠤᠴᠢ ᠶᠢᠨ ᠦᠨᠡᠮᠯᠡᠯ ᠭᠤᠶᠤᠴᠢᠯᠠᠨ ᠠᠪᠬᠤ ᠳᠤ ᠪᠦᠷᠢᠳᠥᠭᠦᠯᠪᠡᠰᠦ ᠵᠤᠬᠢᠬᠤ ᠨᠦᠬᠦᠴᠡᠯ
ᠨᠡᠶᠢᠲᠡᠯᠡᠭᠰᠡᠨ ᠴᠠᠭ᠄
2020/9/28
     ︽ᠮᠠᠰᠢᠨᠲᠦ ᠲᠡᠷᠭᠡᠨ ᠤ ᠵᠢᠯᠤᠭᠤᠴᠢ ᠶᠢᠨ ᠦᠨᠡᠮᠯᠡᠯ ᠭᠤᠶᠤᠴᠢᠯᠠᠨ ᠠᠪᠬᠤ ᠪᠠ ᠬᠡᠷᠡᠭᠯᠡᠬᠦ ᠲᠤᠭᠲᠠᠭᠠᠯ︾ ︵ᠲᠤᠲᠤᠭᠠᠲᠤ ᠶᠢ ᠬᠠᠮᠠᠭᠠᠯᠠᠬᠤ ᠶᠠᠮᠤᠨ ᠤ 123 ᠳ᠋ᠤᠭᠠᠷ ᠲᠤᠭᠠᠲᠤ ᠵᠠᠷᠯᠢᠭ︶ ᠳᠤ ᠵᠢᠯᠤᠭᠤᠴᠢ ᠶᠢᠨ ᠦᠨᠡᠮᠯᠡᠯ ᠭᠤᠶᠤᠴᠢᠯᠠᠨ ᠠᠪᠬᠤ ᠳᠤ ᠪᠦᠷᠢᠳᠥᠭᠦᠯᠪᠡᠰᠦ ᠵᠤᠬᠢᠬᠤ ᠨᠦᠬᠦᠴᠡᠯ ᠢ ᠪᠤᠳᠠᠲᠠᠢ ᠲᠣᠭᠲᠠᠭᠠᠭᠰᠠᠨ ᠨᠢ ᠳᠤᠤᠷᠠᠬᠢ ᠮᠡᠲᠦ᠄ ᠠᠷᠪᠠᠨ ᠨᠢᠭᠡᠳᠦᠭᠡᠷ ᠵᠦᠢᠯ ᠮᠠᠰᠢᠨᠲᠦ ᠲᠡᠷᠭᠡᠨ ᠤ ᠵᠢᠯᠤᠭᠤᠴᠢ ᠶᠢᠨ ᠦᠨᠡᠮᠯᠡᠯ ᠭᠤᠶᠤᠴᠢᠯᠠᠬᠤ ᠳᠤ᠂ ᠳᠣᠣᠷ᠎ᠠ ᠵᠢᠭᠰᠠᠭᠠᠭᠰᠠᠨ ᠲᠤᠭᠲᠠᠭᠠᠯ ᠳᠤ ᠨᠡᠶᠢᠴᠡᠭᠰᠡᠨ ᠪᠠᠶᠢᠬᠤ ᠬᠡᠷᠡᠭᠲᠠᠢ᠄ ︵ᠨᠢᠭᠡ︶ ᠨᠠᠰᠤ ᠵᠢᠯ ᠤᠨ ᠨᠦᠬᠦᠴᠡᠯ᠄ 1. ᠪᠠᠭ᠎ᠠ ᠬᠡᠯᠪᠡᠷᠢ ᠶᠢᠨ ᠮᠠᠰᠢᠨ ᠲᠡᠷᠭᠡ᠂ ᠠᠦ᠋ᠲ᠋ᠤ᠋ ᠵᠠᠯᠭᠠᠯᠲᠠ ᠲᠠᠢ ᠪᠠᠭ᠎ᠠ ᠬᠡᠯᠪᠡᠷᠢ ᠶᠢᠨ ᠮᠠᠰᠢᠨ ᠲᠡᠷᠭᠡ᠂ ᠵᠡᠮᠳᠡᠭᠴᠤᠳ ᠤᠨ ᠲᠤᠰᠬᠠᠢ ᠬᠡᠷᠡᠭᠯᠡᠬᠦ ᠠᠦ᠋ᠲ᠋ᠤ᠋ ᠵᠠᠯᠭᠠᠯᠲᠠ ᠲᠠᠢ ᠠᠶᠠᠨᠴᠢᠳ ᠤᠨ ᠮᠠᠰᠢᠨ ᠲᠡᠷᠭᠡ᠂ ᠬᠦᠡᠭᠭᠡᠨ ᠮᠤᠲ᠋ᠤᠷ ᠲᠡᠷᠭᠡ ᠵᠡᠷᠭᠡ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠪᠦᠬᠦᠯᠢ 18 ᠨᠠᠰᠤᠨ ᠠᠴᠠ ᠳᠡᠭᠡᠭᠰᠢ᠂ ᠪᠦᠬᠦᠯᠢ 70 ᠨᠠᠰᠤᠨ ᠠᠴᠠ ᠳᠣᠷᠣᠭᠰᠢ ᠪᠠᠶᠢᠬᠤ︔ 2. ᠪᠠᠷᠠᠭᠠᠨ ᠤ ᠳᠣᠣᠷ᠎ᠠ ᠬᠤᠷᠳᠤᠴᠠᠲᠦ ᠮᠠᠰᠢᠨ ᠲᠡᠷᠭᠡ᠂ ᠭᠤᠷᠪᠠᠨ ᠬᠦᠷᠳᠦᠲᠦ ᠮᠠᠰᠢᠨ ᠲᠡᠷᠭᠡ᠂ ᠡᠩ ᠤᠨ ᠭᠤᠷᠪᠠᠨ ᠬᠦᠷᠲᠦᠲᠦ ᠮᠤᠲ᠋ᠤᠷ ᠲᠡᠷᠭᠡ᠂ ᠡᠩ ᠤᠨ ᠬᠤᠶᠠᠷ ᠬᠦᠷᠲᠦᠲᠦ ᠮᠤᠲ᠋ᠤᠷ ᠲᠡᠷᠭᠡ ᠪᠤᠶᠤ ᠠᠶᠠᠨᠳᠠᠭᠠᠨ ᠶᠠᠪᠤᠬᠤ ᠬᠦᠷᠲᠦᠲᠦ ᠮᠧᠬᠠᠸ᠋ᠨᠢᠭ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ 18 ᠪᠦᠬᠦᠯᠢ ᠨᠠᠰᠦᠨ ᠠᠴᠠ ᠳᠡᠭᠡᠭᠰᠢ᠂ 60 ᠪᠦᠬᠦᠯᠢ ᠨᠠᠰᠤᠨ ᠠᠴᠠ ᠳᠣᠷᠣᠭᠰᠢ ᠪᠠᠶᠢᠬᠤ︔ 3. ᠬᠤᠲᠠ ᠶᠢᠨ ᠣᠯᠠᠨ ᠨᠡᠶᠢᠲᠡ ᠶᠢᠨ ᠮᠠᠰᠢᠨ ᠲᠡᠷᠭᠡ᠂ ᠲᠤᠮᠦ ᠬᠡᠯᠪᠡᠷᠢ ᠶᠢᠨ ᠪᠠᠷᠠᠭᠠᠨ ᠤ ᠲᠡᠷᠭᠡ᠂ ᠵᠢᠮ ᠦᠭᠡᠢ ᠴᠠᠬᠢᠯᠭᠠᠨ ᠲᠡᠷᠭᠡ ᠪᠤᠶᠤ ᠵᠢᠮᠲᠦ ᠴᠠᠬᠢᠯᠭᠠᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠪᠦᠬᠦᠯᠢ 20 ᠨᠠᠰᠤᠨ ᠠᠴᠠ ᠳᠡᠭᠡᠭᠰᠢ᠂ ᠪᠦᠬᠦᠯᠢ 50 ᠨᠠᠰᠦᠨ ᠠᠴᠠ ᠳᠣᠷᠣᠭᠰᠢ ᠪᠠᠶᠢᠬᠤ︔4. ᠠᠶᠠᠨᠴᠢᠳ ᠤᠨ ᠳᠤᠮᠳᠠ ᠬᠡᠯᠪᠡᠷᠢ ᠶᠢᠨ ᠮᠠᠰᠢᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠪᠦᠬᠦᠯᠢ 21 ᠨᠠᠰᠤᠨ ᠠᠴᠠ ᠳᠡᠭᠡᠭᠰᠢ᠂ ᠪᠦᠬᠦᠯᠢ 50 ᠨᠠᠰᠤᠨ ᠠᠴᠠ ᠳᠣᠷᠣᠭᠰᠢ ᠪᠠᠶᠢᠬᠤ︔ 5. ᠴᠢᠷᠭᠡᠤᠯ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠪᠦᠬᠦᠯᠢ 24 ᠨᠠᠰᠤᠨ ᠠᠴᠠ ᠳᠡᠭᠡᠭᠰᠢ᠂ ᠪᠦᠬᠦᠯᠢ 50 ᠨᠠᠰᠤᠨ ᠠᠴᠠ ᠳᠣᠷᠣᠭᠰᠢ ᠪᠠᠶᠢᠬᠤ︔6. ᠠᠶᠠᠨᠴᠢᠳ ᠤᠨ ᠲᠤᠮᠦ ᠬᠡᠯᠪᠡᠷᠢ ᠶᠢᠨ ᠮᠠᠰᠢᠨ ᠲᠡᠷᠭᠡ ᠶᠢᠨ ᠵᠢᠯᠤᠭᠤᠳᠴᠦ ᠪᠤᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠪᠦᠬᠦᠯᠢ 26 ᠨᠠᠰᠤᠨ ᠠᠴᠠ ᠳᠡᠭᠡᠭᠰᠢ᠂ ᠪᠦᠬᠦᠯᠢ 50 ᠨᠠᠰᠦᠨ ᠠᠴᠠ ᠳᠣᠷᠣᠭᠰᠢ ᠪᠠᠶᠢᠬᠤ᠃ ︵ᠬᠤᠶᠠᠷ︶ ᠪᠡᠶ᠎ᠡ ᠮᠠᠬᠠᠪᠤᠳ ᠤᠨ ᠨᠦᠬᠦᠴᠡᠯ᠄1. ᠪᠡᠶ᠎ᠡ ᠶᠢᠨ ᠦᠨᠳᠦᠷ᠄ ᠠᠶᠠᠨᠴᠢᠳ ᠤᠨ ᠲᠤᠮᠦ ᠬᠡᠯᠪᠡᠷᠢ ᠶᠢᠨ ᠮᠠᠰᠢᠨ ᠲᠡᠷᠭᠡ᠂ ᠴᠢᠷᠭᠡᠤᠯ ᠲᠡᠷᠬᠡ᠂ ᠬᠤᠲᠠ ᠶᠢᠨ ᠣᠯᠠᠨ ᠨᠡᠶᠢᠲᠡ ᠶᠢᠨ ᠮᠠᠰᠢᠨ ᠲᠡᠷᠭᠡ᠂ ᠲᠤᠮᠦ ᠬᠡᠯᠪᠡᠷᠢ ᠶᠢᠨ ᠪᠠᠷᠠᠭᠠᠨ ᠤ ᠲᠡᠷᠭᠡ᠂ ᠵᠢᠮ ᠦᠭᠡᠢ ᠴᠠᠬᠢᠯᠭᠠᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠪᠡᠶ᠎ᠡ ᠶᠢᠨ ᠦᠨᠳᠦᠷ 155 ᠰᠡᠨᠲ᠋ᠢᠮᠧᠳ᠋ᠷ ᠠᠴᠠ ᠳᠡᠭᠡᠭᠰᠢ ᠪᠠᠶᠢᠬᠤ᠃ ᠠᠶᠠᠨᠴᠢᠳ ᠤᠨ ᠳᠤᠮᠳᠠ ᠬᠡᠯᠪᠡᠷᠢ ᠶᠢᠨ ᠮᠠᠰᠢᠨ ᠲᠡᠷᠭᠡ᠂ ᠠᠦ᠋ᠲ᠋ᠤ᠋ ᠵᠠᠯᠭᠠᠯᠲᠠ ᠲᠠᠢ ᠪᠠᠭ᠎ᠠ ᠬᠡᠯᠪᠡᠷᠢ ᠶᠢᠨ ᠮᠠᠰᠢᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠪᠡᠶ᠎ᠡ ᠶᠢᠨ ᠦᠨᠳᠦᠷ 150 ᠰᠡᠨᠲ᠋ᠢᠮᠧᠳ᠋ᠷ ᠠᠴᠠ ᠳᠡᠭᠡᠭᠰᠢ ᠪᠠᠶᠢᠬᠤ︔2. ᠬᠠᠷᠠᠭ᠎ᠠ᠄ ᠠᠶᠠᠨᠴᠢᠳ ᠤᠨ ᠲᠤᠮᠦ ᠬᠡᠯᠪᠡᠷᠢ ᠶᠢᠨ ᠮᠠᠰᠢᠨ ᠲᠡᠷᠭᠡ᠂ ᠴᠢᠷᠭᠡᠤᠯ ᠲᠡᠷᠬᠡ᠂ ᠬᠤᠲᠠ ᠶᠢᠨ ᠣᠯᠠᠨ ᠨᠡᠶᠢᠲᠡ ᠶᠢᠨ ᠮᠠᠰᠢᠨ ᠲᠡᠷᠭᠡ᠂ ᠠᠶᠠᠨᠴᠢᠳ ᠤᠨ ᠳᠤᠮᠳᠠ ᠬᠡᠯᠪᠡᠷᠢ ᠶᠢᠨ ᠮᠠᠰᠢᠨ ᠲᠡᠷᠭᠡ᠂ ᠲᠤᠮᠤ ᠬᠡᠯᠪᠡᠷᠢ ᠶᠢᠨ ᠪᠠᠷᠠᠭᠠᠨ ᠤ ᠲᠡᠷᠭᠡ᠂ ᠵᠢᠮ ᠦᠭᠡᠢ ᠴᠠᠬᠢᠯᠭᠠᠨ ᠲᠡᠷᠭᠡ ᠪᠤᠶᠤ ᠵᠢᠮᠲᠦ ᠴᠠᠬᠢᠯᠭᠠᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠬᠤᠶᠠᠷ ᠨᠢᠳᠦᠨ ᠤ ᠰᠢᠯ ᠦᠭᠡᠢ ᠬᠠᠷᠠᠭ᠎ᠠ ᠪᠤᠶᠤ ᠵᠠᠰᠠᠷᠠᠭᠰᠠᠨ ᠬᠠᠷᠠᠭ᠎ᠠ ᠨᠢ ᠬᠠᠷᠠᠭᠠᠨ ᠤ ᠬᠦᠰᠦᠨᠦᠭᠲᠦ ᠶᠢᠨ 5.0 ᠠᠴᠠ ᠳᠡᠭᠡᠭᠰᠢ ᠳᠤ ᠬᠦᠷᠥᠭᠰᠡᠨ ᠪᠠᠶᠢᠬᠤ᠃ ᠵᠢᠯᠤᠭᠤᠳᠴᠦ ᠪᠣᠯᠬᠤ ᠪᠤᠰᠤᠳ ᠲᠡᠷᠭᠡᠨ ᠤ ᠬᠡᠯᠪᠡᠷᠢ ᠶᠢ ᠭᠤᠶᠤᠴᠢᠯᠠᠪᠠᠯ᠂ ᠬᠤᠶᠠᠷ ᠨᠢᠳᠦᠨ ᠤ ᠰᠢᠯ ᠦᠭᠡᠢ ᠬᠠᠷᠠᠭ᠎ᠠ ᠪᠤᠶᠤ ᠵᠠᠰᠠᠷᠠᠭᠰᠠᠨ ᠬᠠᠷᠠᠭ᠎ᠠ ᠨᠢ ᠬᠠᠷᠠᠭᠠᠨ ᠤ ᠬᠦᠰᠦᠨᠦᠭᠲᠦ ᠶᠢᠨ 4.9 ᠠᠴᠠ ᠳᠡᠭᠡᠭᠰᠢ ᠳᠤ ᠬᠦᠷᠥᠭᠰᠡᠨ ᠪᠠᠶᠢᠬᠤ︔ 3. ᠦᠡᠭᠭᠡ ᠢᠯᠭᠠᠬᠤ ᠴᠢᠳᠠᠪᠤᠷᠢ᠄ ᠤᠯᠠᠭᠠᠨ ᠨᠤᠭᠤᠭᠠᠨ ᠦᠡᠭᠭᠡᠨ ᠤ ᠬᠠᠷᠠᠯᠭᠠᠨ ᠦᠭᠡᠢ ᠪᠠᠶᠢᠬᠤ︔ 4. ᠰᠤᠨᠤᠷ᠄ ᠬᠤᠶᠠᠷ ᠴᠢᠬᠢ ᠨᠢ ᠲᠤᠰ ᠪᠦᠷᠢ 50 ᠰᠡᠨᠲ᠋ᠢᠮᠧᠳ᠋ᠷ ᠤᠨ ᠵᠠᠢ ᠲᠠᠢ ᠲᠠᠭᠤᠨ ᠠᠴᠠ ᠠᠴᠠ ᠳᠠᠭᠤᠨ ᠤ ᠡᠭᠦᠰᠦᠯ ᠤᠨ ᠴᠢᠭᠯᠡᠯ ᠢ ᠢᠯᠭᠠᠵᠦ ᠳᠡᠶᠢᠯᠬᠦ᠃ ᠰᠤᠨᠤᠷ ᠤᠨ ᠰᠠᠭᠠᠳ ᠲᠠᠢ ᠪᠣᠯᠪᠠᠴᠦ ᠰᠣᠨᠣᠷ ᠲᠣᠳᠤᠳᠬᠠᠬᠤ ᠲᠦᠬᠦᠭᠡᠷᠥᠮᠵᠢ ᠵᠡᠬᠦᠭᠡᠳ ᠳᠡᠭᠡᠷᠡᠬᠢ ᠨᠦᠬᠦᠴᠡᠯ ᠳᠤ ᠬᠦᠷᠴᠦ ᠳᠡᠶᠢᠯᠪᠡᠯ᠂ ᠪᠠᠭ᠎ᠠ ᠬᠡᠯᠪᠡᠷᠢ ᠶᠢᠨ ᠮᠠᠰᠢᠨ ᠲᠡᠷᠭᠡ᠂ ᠠᠦ᠋ᠲ᠋ᠤ᠋ ᠵᠠᠯᠭᠠᠯᠲᠠ ᠲᠠᠢ ᠪᠠᠭ᠎ᠠ ᠬᠡᠯᠪᠡᠷᠢ ᠶᠢᠨ ᠮᠠᠰᠢᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢᠨ ᠮᠠᠰᠢᠨᠲᠦ ᠲᠡᠷᠭᠡᠨ ᠤ ᠵᠢᠯᠤᠭᠤᠳᠬᠤ ᠦᠨᠡᠮᠯᠡᠯ ᠢ ᠭᠤᠶᠤᠴᠢᠯᠠᠵᠤ ᠪᠤᠯᠤᠨ᠎ᠠ︔ 5. ᠳᠡᠭᠡᠲᠦ ᠮᠦᠴᠢ᠄ ᠬᠤᠶᠠᠷ ᠭᠠᠷ ᠤᠨ ᠡᠷᠡᠬᠡᠢ ᠬᠤᠷᠤᠭᠤ ᠨᠢ ᠡᠷᠡᠬᠦᠯ ᠪᠦᠲᠦᠨ᠂ ᠭᠠᠷ ᠪᠦᠷᠢ ᠶᠢᠨ ᠪᠤᠰᠤᠳ ᠬᠤᠷᠤᠭᠤ ᠶᠢᠨ ᠭᠤᠷᠪᠠ ᠨᠢ ᠡᠷᠡᠭᠦᠯ ᠪᠦᠲᠦᠨ ᠪᠠᠶᠢᠬᠤ᠂ ᠮᠦᠴᠢ ᠪᠠ ᠬᠤᠷᠤᠭᠤ ᠶᠢᠨ ᠬᠦᠳᠡᠯᠭᠡᠭᠡᠨ ᠬᠢᠬᠦ ᠴᠢᠳᠠᠮᠵᠢ ᠨᠢ ᠡᠷᠡᠭᠦᠯ ᠪᠠᠶᠢᠬᠤ᠃ ᠬᠤᠷᠤᠭᠤᠨ ᠤ ᠦᠵᠦᠭᠦᠷ ᠤᠨ ᠬᠡᠰᠡᠭ ᠨᠢ ᠵᠡᠮᠳᠡᠭ ᠳᠤᠲᠠᠭᠤ ᠪᠤᠶᠤ ᠪᠠᠷᠠᠭᠤᠨ ᠭᠠᠷ ᠤᠨ ᠡᠷᠡᠬᠡᠢ ᠬᠤᠷᠤᠭᠤ ᠨᠢ ᠳᠤᠲᠠᠭᠤ ᠪᠣᠯᠪᠠᠴᠦ ᠪᠠᠭ᠎ᠠ ᠬᠡᠯᠪᠡᠷᠢ ᠶᠢᠨ ᠮᠠᠰᠢᠨ ᠲᠡᠷᠭᠡ᠂ ᠠᠦ᠋ᠲ᠋ᠤ᠋ ᠵᠠᠯᠭᠠᠯᠲᠠ ᠲᠠᠢ ᠪᠠᠭ᠎ᠠ ᠬᠡᠯᠪᠡᠷᠢ ᠶᠢᠨ ᠮᠠᠰᠢᠨ ᠲᠡᠷᠭᠡ᠂ ᠳᠤᠤᠷ᠎ᠠ ᠬᠤᠷᠳᠤᠴᠠᠲᠦ ᠠᠴᠢᠶᠠᠨ ᠤ ᠲᠡᠷᠭᠡ᠂ ᠭᠤᠷᠪᠠᠨ ᠬᠦᠷᠲᠦᠲᠦ ᠮᠠᠰᠢᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢᠨ ᠮᠠᠰᠢᠨᠲᠦ ᠲᠡᠷᠭᠡ ᠵᠢᠯᠤᠭᠤᠳᠬᠤ ᠦᠨᠡᠮᠯᠡᠯ ᠭᠤᠶᠤᠴᠢᠯᠠᠵᠤ ᠪᠤᠯᠤᠨ᠎ᠠ︔ 6. ᠳᠤᠤᠷᠠᠳᠤ ᠮᠦᠴᠢ᠄ ᠳᠤᠤᠷᠠᠲᠤ ᠬᠤᠶᠠᠷ ᠮᠦᠴᠢ ᠨᠢ ᠡᠷᠡᠬᠦᠯ ᠪᠦᠲᠦᠨ ᠮᠦᠷᠲᠡᠭᠡᠨ ᠬᠦᠳᠡᠯᠭᠡᠭᠡᠨ ᠬᠢᠬᠦ ᠴᠢᠳᠠᠮᠵᠢ ᠨᠢ ᠡᠷᠡᠬᠦᠯ᠂ ᠤᠷᠲᠤ ᠶᠢᠨ ᠵᠦᠷᠢᠶ᠎ᠡ ᠨᠢ 5 ᠰᠡᠨᠲ᠋ᠢᠮᠧᠳ᠋ᠷ ᠠᠴᠠ ᠶᠡᠭᠡ ᠪᠠᠶᠢᠵᠤ ᠪᠤᠯᠬᠤ ᠦᠭᠡᠢ᠃ ᠵᠡᠬᠦᠨ ᠲᠠᠯ᠎ᠠ ᠶᠢᠨ ᠳᠤᠤᠷᠠᠳᠤ ᠮᠦᠴᠢ ᠨᠢ ᠳᠤᠲᠠᠭᠤ ᠪᠤᠶᠤ ᠬᠦᠳᠡᠯᠭᠡᠭᠡᠨ ᠬᠢᠬᠦ ᠴᠢᠳᠠᠮᠵᠢ ᠪᠠᠨ ᠠᠯᠳᠠᠭᠰᠠᠨ ᠪᠣᠯᠪᠠᠴᠦ ᠠᠦ᠋ᠲ᠋ᠤ᠋ ᠵᠠᠯᠭᠠᠯᠲᠠ ᠲᠠᠢ ᠪᠠᠭ᠎ᠠ ᠬᠡᠯᠪᠡᠷᠢ ᠶᠢᠨ ᠮᠠᠰᠢᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢᠨ ᠮᠠᠰᠢᠨᠲᠦ ᠲᠡᠷᠭᠡ ᠵᠢᠯᠤᠭᠤᠳᠬᠤ ᠦᠨᠡᠮᠯᠡᠯ ᠭᠤᠶᠤᠴᠢᠯᠠᠵᠤ ᠪᠤᠯᠤᠨ᠎ᠠ᠃ ᠪᠠᠷᠠᠭᠤᠨ ᠲᠠᠯ᠎ᠠ ᠶᠢᠨ ᠳᠤᠤᠷᠠᠲᠤ ᠮᠦᠴᠢ᠂ ᠳᠤᠤᠷᠠᠲᠤ ᠬᠤᠶᠠᠷ ᠮᠦᠴᠢ ᠨᠢ ᠳᠤᠲᠠᠭᠤ ᠪᠤᠶᠤ ᠬᠦᠳᠡᠯᠭᠡᠭᠡᠨ ᠬᠢᠬᠦ ᠴᠢᠳᠠᠮᠵᠢ ᠪᠠᠨ ᠠᠯᠳᠠᠭᠰᠠᠨ ᠪᠤᠯᠪᠠᠴᠤ ᠦᠪᠡᠰᠤᠪᠡᠨ ᠪᠤᠰᠴᠤ ᠰᠠᠭᠤᠵᠤ ᠳᠡᠶᠢᠯᠪᠡᠯ᠂ ᠵᠡᠮᠳᠡᠭᠴᠦᠳ ᠤᠨ ᠲᠤᠰᠬᠠᠢ ᠬᠡᠷᠡᠭᠯᠡᠬᠦ ᠠᠦ᠋ᠲ᠋ᠤ᠋ ᠵᠠᠯᠭᠠᠯᠲᠠ ᠲᠠᠢ ᠠᠶᠠᠨᠴᠢᠳ ᠤᠨ ᠪᠠᠭ᠎ᠠ ᠬᠡᠯᠪᠡᠷᠢ ᠶᠢᠨ ᠮᠠᠰᠢᠨ ᠲᠡᠷᠭᠡ ᠶᠢᠨ ᠵᠢᠯᠤᠭᠤᠳᠴᠦ ᠪᠣᠯᠬᠤ ᠲᠡᠷᠭᠡᠨ ᠤ ᠬᠡᠯᠪᠡᠷᠢ ᠶᠢᠨ ᠮᠠᠰᠢᠨᠲᠦ ᠲᠡᠷᠭᠡ ᠵᠢᠯᠤᠭᠤᠳᠬᠤ ᠦᠨᠡᠮᠯᠡᠯ ᠭᠤᠶᠤᠴᠢᠯᠠᠵᠤ ᠪᠤᠯᠤᠨ᠎ᠠ︔ 7. ᠭᠤᠤᠯ ᠪᠡᠶ᠎ᠡ᠂ ᠬᠦᠵᠦᠬᠦᠦ᠄ ᠬᠦᠳᠡᠯᠭᠡᠭᠡᠨ ᠬᠢᠬᠦ ᠴᠢᠳᠠᠮᠵᠢ ᠶᠢᠨ ᠬᠠᠷᠰᠢ ᠰᠠᠭᠠᠳ ᠦᠭᠡᠢ ᠪᠠᠶᠢᠬᠤ᠃
 
ᠢᠷᠡᠯᠲᠡ᠄ ᠥᠪᠦᠷ ᠮᠣᠩᠭᠣᠯ ᠤᠨ ᠵᠠᠰᠠᠬᠤ ᠤᠷᠤᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号