ᠰᠡᠳᠬᠢᠴᠠ ᠶᠢᠨ ᠲᠠᠯ᠎ᠠ ᠪᠠᠷ ᠬᠦᠭᠰᠢᠷᠡᠵᠤ ᠪᠠᠶᠢᠬᠤ ᠢᠯᠡᠷᠡᠯ
ᠨᠡᠶᠢᠲᠡᠯᠡᠭᠰᠡᠨ ᠴᠠᠭ᠄
2020/10/28
   ᠡ᠊ᠮᠡᠭᠳᠡᠶᠢᠴᠤᠳ ᠪᠦᠬᠦᠳᠡᠭᠡᠷ ᠢᠶᠠᠨ ᠦᠳᠡᠯᠵᠤ ᠬᠦᠭᠰᠢᠷᠡᠭᠦ ᠠᠴᠠ ᠵᠢᠷᠦᠭᠡᠰᠢᠶᠠᠨ᠎ᠠ᠂ ᠲᠡᠶᠢᠮᠤ ᠳᠡᠭᠡᠨ ᠲᠡᠳᠡ ᠬᠦᠭᠰᠢᠷᠡᠯ ᠢ ᠰᠡᠷᠭᠡᠶᠢᠯᠡᠭᠦ᠂ ᠬᠦᠭᠰᠢᠷᠡᠯ ᠢ ᠤᠳᠠᠭᠠᠰᠢᠷᠠᠭᠤᠯᠬᠤ ᠶᠢᠨ ᠲᠦᠯᠦᠭᠡ ᠤᠯᠠᠨ ᠮᠦᠡᠭᠭᠦ ᠵᠠᠷᠤᠴᠠᠭᠤᠯᠬᠤ ᠠᠴᠠ ᠤᠭᠳᠤ ᠪᠤᠴᠠᠳᠠᠭ ᠦᠬᠡᠢ ᠪᠢᠯᠡ᠃     ᠭᠡᠳᠡᠯ᠎ᠠ᠂ ᠰᠡᠳᠬᠢᠴᠠ ᠶᠢᠨ ᠬᠦᠭᠰᠢᠷᠡᠯ ᠢ ᠶᠠᠭᠠᠬᠢᠨ᠎ᠠ ᠪᠤᠢ︖ ᠭᠡᠳᠦ᠋ᠢᠪᠡᠷ ᠤᠯᠠᠩᠭᠢ ᠬᠦᠮᠦᠰ ︽ᠦᠳᠡᠯᠵᠤ ᠬᠦᠭᠰᠢᠷᠡᠪᠡᠴᠤ ᠰᠠᠨᠠᠭ᠎ᠠ ᠰᠡᠳᠬᠢᠯ ᠵᠠᠯᠠᠭᠤ ᠪᠠᠷ ᠢᠶᠠᠨ︾ ᠭᠡᠳᠡᠭ ᠴᠤ᠂ ᠰᠡᠳᠬᠢᠴᠠ ᠬᠦᠭᠰᠢᠷᠡᠵᠤ ᠡᠬᠢᠯᠡᠭᠰᠡᠨ ᠢᠶᠠᠨ ᠦᠪᠡᠷ ᠢᠶᠠᠨ ᠰᠡᠷᠡᠵᠤ ᠮᠡᠳᠡᠳᠡᠭ ᠪᠤᠯ ᠤᠤ︖    1. ᠦᠷᠢᠰᠦᠯᠳᠦᠭᠦ ᠪᠤᠳᠤᠯ ᠵᠤᠷᠢᠭ ᠪᠠᠭᠤᠷᠠᠢ ᠪᠤᠯᠬᠤ    ᠠᠵᠢᠯ ᠦᠢᠯᠡᠰ ᠲᠡᠭᠡᠨ ᠰᠢᠨ᠎ᠠ ᠶᠢ ᠡᠭᠦᠳᠭᠦ ᠤᠷᠮ᠎ᠠ ᠦᠭᠡᠢ ᠪᠤᠯᠵᠤ᠂ ᠦᠷᠭᠦᠯᠵᠢ ᠬᠢᠳᠠᠯ ᠠᠯᠳᠠᠵᠤ᠂ᠤᠨᠴᠠᠭᠠᠢᠢᠯᠠᠨ ᠤᠶᠤᠨ ᠤ ᠬᠦᠳᠡᠯᠮᠦᠷᠢ ᠬᠢᠵᠤ ᠪᠠᠶᠢᠭ᠎ᠠ ᠬᠦᠮᠦᠰ ᠰᠠᠨᠠᠭ᠎ᠠ ᠪᠠᠶᠢᠭᠠᠳ ᠤᠨᠤᠭ᠎ᠠ ᠬᠦᠷᠭᠦ ᠦᠭᠡᠢᠪᠣᠯᠤᠭᠰᠠᠨ ᠮᠡᠲᠦ ᠰᠠᠨᠠᠭᠳᠠᠳᠠᠭ  ᠃     2. ᠭᠤᠨᠢᠵᠤ ᠭᠤᠳᠤᠷᠠᠬᠤ     ᠭᠠᠭᠴᠠᠭᠠᠷ ᠪᠠᠶᠢᠬᠤ ᠦᠶ᠎ᠠ ᠳᠡᠭᠡᠨ ᠰᠠᠨᠠᠮᠰᠠᠷ ᠦᠭᠡᠢ ᠪᠠᠷ ᠰᠠᠨᠠᠭ᠎ᠠ ᠰᠡᠭᠦᠷᠡᠰᠤ ᠠᠯᠳᠠᠨ᠎ᠠ᠃ ᠨᠠᠶᠢᠭᠡᠮᠠᠮᠢᠳᠤᠷᠠᠯ ᠤᠨ ᠬᠤᠪᠢᠷᠠᠯᠳᠠ ᠬᠦᠭᠵᠢᠯᠳᠠ ᠶᠢ ᠬᠠᠷᠠᠭᠠᠳ᠂ ᠦᠪᠡᠷ ᠢᠶᠠᠨ ᠴᠠᠭ ᠦᠶ᠎ᠠ ᠠᠴᠠ ᠬᠤᠴᠤᠷᠤᠭᠰᠠᠨ ᠭᠡᠰᠡᠨ‌‍ᠪᠤᠳᠤᠯ ᠤᠷᠤᠨ᠎ᠠ᠃     3. ᠶᠠᠭᠤ ᠪᠦᠬᠦᠨ ᠳᠤ ᠰᠡᠷᠭᠡᠭ ᠰᠡᠵᠢᠭᠯᠡᠮᠡᠳᠡᠬᠡᠢ ᠪᠤᠯᠬᠤ     ᠦᠷᠭᠦᠯᠵᠢ ᠡᠷᠬᠢᠨ ᠲᠤᠭᠤᠷᠢᠨ ᠤ ᠬᠦᠮᠦᠰ ᠪᠦᠷ ᠨᠠᠳᠠ ᠳᠤ ᠲᠠᠭ᠎ᠠ ᠦᠭᠡᠢ ᠪᠠᠶᠢᠨ᠎ᠠ ᠭᠡᠰᠡᠨ ᠪᠤᠳᠤᠯᠤᠷᠤᠵᠤ᠂ ᠶᠠᠭᠤ ᠪᠦᠭᠦᠨ ᠳᠤ ᠰᠡᠵᠢᠭ ᠠᠵᠢᠭ ᠠᠪᠳᠠᠭ︔ ᠡᠰᠡᠭᠦᠯ᠎ᠠ ᠵᠠᠷᠢᠮ ᠳᠠᠭᠠᠨ ᠡᠷᠬᠢᠨ ᠲᠤᠭᠤᠷᠢᠨ ᠳᠠᠭᠠᠨ ᠡᠭᠦᠰᠦᠭᠰᠡᠨ ᠬᠡᠷᠡᠭ ᠢ ᠤᠯᠵᠤ ᠬᠠᠷᠠᠭᠰᠡᠨ ᠦᠭᠡᠢ ᠰᠢᠭ᠂ ᠶᠠᠭᠤ ᠪᠦᠬᠦᠨ ᠳᠤ ᠬᠦᠢᠳᠡᠮᠰᠦᠭ ᠪᠤᠯᠵᠤ ᠬᠤᠪᠢᠷᠠᠳᠠᠭ᠃   4. ᠦᠪᠡᠷ ᠤᠨ ᠦᠵᠡᠯᠳᠠ ᠪᠠᠨ ᠲᠠᠰᠤ ᠪᠠᠷᠢᠮᠳᠠᠯᠠᠬᠤ    ᠶᠠᠪᠤᠳᠠᠯ ᠪᠤᠯᠭᠠᠨ ᠳᠤ ᠦᠪᠡᠷ ᠤᠨ ᠦᠵᠡᠯᠳᠠ ᠪᠠᠨ ᠪᠠᠷᠢᠮᠳᠠᠯᠠᠨ᠂ ᠦᠪᠡᠷ ᠤᠨ ᠬᠢ ᠪᠠᠷ ᠢᠶᠠᠨ ᠭᠤᠤᠯᠪᠤᠯᠭᠠᠬᠤ ᠪᠠᠷ ᠤᠷᠤᠯᠳᠤᠨ᠎ᠠ  ᠃    5. ᠵᠠᠩ ᠠᠭᠠᠰᠢ ᠡᠳᠡᠭᠡᠳ ᠵᠤᠵᠢᠭ ᠪᠤᠯᠬᠤ     ᠠᠵᠢᠯ ᠠᠮᠢᠳᠤᠷᠠᠯ ᠳᠠᠭᠠᠨ ᠵᠢᠭᠠᠬᠠᠨ ᠤᠴᠢᠷ ᠲᠤᠬᠢᠶᠠᠯᠳᠤᠭᠰᠡᠨ ᠴᠤ ᠠᠭᠤᠷᠯᠠᠵᠤ ᠠᠭᠠᠰᠢ ᠭᠠᠷᠭᠠᠨ᠂ᠬᠦᠮᠦᠨ ᠲᠠᠢ ᠨᠡᠶᠢᠯᠡᠭᠦ ᠦᠭᠡᠢ ᠬᠤᠪᠢ ᠪᠠᠨ ᠬᠦᠭᠡᠭᠡᠭᠦ ᠪᠤᠯᠤᠨ᠎ᠠ᠃    6. ᠰᠡᠳᠬᠢᠭᠦᠢ ᠤᠳᠠᠭᠠᠰᠢᠷᠠᠵᠤ ᠵᠤᠬᠰᠤᠩᠭᠤᠢᠢᠷᠠᠬᠤ     ᠤᠴᠢᠷ ᠶᠠᠪᠤᠳᠠᠯ ᠲᠤᠬᠢᠶᠠᠯᠳᠤᠪᠠᠯ ᠶᠠᠭᠠᠬᠢᠬᠤ ᠪᠠᠨ ᠤᠯᠬᠤ ᠦᠭᠡᠢ ᠪᠠᠯᠠᠭ ᠠᠯᠳᠠᠨ ᠰᠠᠨᠳᠦᠷᠴᠤ ᠦᠪᠡᠷ ᠤᠨ ᠦᠵᠡᠯᠳᠠ ᠦᠭᠡᠢ ᠪᠤᠯᠵᠤ ᠬᠤᠪᠢᠷᠠᠨ᠎ᠠ᠃     7. ᠵᠠᠩ ᠲᠦᠷᠭᠡᠨ ᠪᠤᠯᠬᠤ    ᠠᠮᠢᠳᠤᠷᠠᠯ ᠳᠠᠭᠠᠨ ᠤᠶᠤᠨᠴᠢ ᠪᠤᠰᠤ ᠪᠤᠯᠤᠨ ᠬᠤᠪᠢᠷᠠᠵᠤ᠂ ᠪᠤᠰᠤᠳ ᠤᠨ ᠰᠠᠶᠢᠨ ᠰᠠᠨᠠᠭ᠎ᠠ ᠳᠤ ᠴᠤ ᠰᠡᠵᠢᠭ ᠲᠦᠷᠦᠭᠦ ᠨᠢ ᠤᠯᠠᠰᠢᠷᠠᠵᠤ᠂ ᠪᠤᠰᠤᠳ ᠤᠨ ᠰᠠᠨᠠᠯ ᠰᠠᠨᠠᠭᠤᠯᠭ᠎ᠠ ᠶᠢ ᠰᠤᠨᠤᠰᠬᠤ ᠦᠭᠡᠢ᠂ ᠰᠠᠨᠠᠭ᠎ᠠ ᠰᠡᠳᠬᠢᠯᠲᠤᠭᠳᠠᠭᠤᠨ ᠦᠭᠡᠢ ᠪᠤᠯᠵᠤ᠂ ᠬᠦᠨᠳᠡᠭᠰᠡᠭᠡᠷ ᠳᠡᠯᠪᠡᠷᠡᠭᠦ ᠪᠤᠯᠤᠨ᠎ᠠ᠃     8. ᠪᠤᠳᠤᠯ ᠰᠡᠳᠬᠢᠯᠭᠡ ᠪᠦᠳᠡᠭᠢ ᠪᠠᠳᠠᠬᠢ ᠪᠤᠯᠬᠤ     ᠦᠡᠭᠭᠡᠷᠡᠭᠰᠡᠨ ᠳᠡᠭᠡᠨ ᠬᠤᠷᠭᠤᠳᠠᠨ᠂ ᠬᠠᠶᠢᠷ᠎ᠠ ᠰᠡᠳᠬᠢᠯᠭᠡ ᠮᠠᠰᠢ ᠨᠦᠮᠵᠦᠭ ᠪᠠᠭᠤᠷᠠᠢ ᠪᠤᠯᠵᠤ᠂ ᠪᠤᠳᠤᠯᠰᠡᠳᠬᠢᠯᠭᠡ ︽ᠬᠡᠦᠭᠡᠳᠷᠡᠭᠦᠦ︾ ᠪᠤᠯᠳᠠᠭ᠃     9. ᠠᠯᠵᠠᠭᠤ ᠵᠠᠯᠬᠠᠭᠤ ᠪᠤᠯᠬᠤ     ᠤᠷᠮ᠎ᠠ ᠵᠤᠷᠢᠭ ᠨᠢ ᠬᠠᠷᠢᠵᠤ᠂ ᠤᠨᠳᠠᠬᠤ ᠲᠤᠷᠠᠳᠠᠢ ᠪᠤᠯᠵᠤ᠂ ᠵᠠᠪᠠᠯ ᠠᠷᠢᠬᠢ ᠪᠤᠶᠤ ᠴᠠᠢ ᠪᠠᠷ ᠤᠷᠮ᠎ᠠᠰᠡᠷᠭᠦᠭᠡᠭᠦ ᠴᠢᠬᠤᠯᠠ ᠲᠠᠢ ᠪᠤᠯᠤᠨ᠎ᠠ᠃   10. ᠤᠴᠢᠷ ᠶᠠᠪᠤᠳᠠᠯ ᠢ ᠰᠢᠢᠳᠪᠦᠷᠢᠯᠡᠭᠦ ᠨᠤᠷᠮ᠎ᠠ ᠪᠠᠭᠤᠷᠠᠬᠤ     ᠴᠡᠭᠡᠵᠢᠯᠡᠭᠦ ᠴᠢᠳᠠᠪᠤᠷᠢ ᠮᠡᠳᠡᠭᠳᠡᠮ᠎ᠠ ᠪᠠᠭᠤᠷᠠᠵᠤ᠂ ᠮᠠᠷᠳᠠᠮᠠᠳᠠᠭᠠᠢ ᠪᠤᠯᠵᠤ ᠬᠤᠪᠢᠷᠠᠬᠤ ᠪᠦᠭᠡᠳ ᠨᠢᠭᠡᠶᠠᠪᠤᠳᠠᠯ ᠢ ᠬᠡᠳᠤ ᠤᠳᠠᠭ᠎ᠠ ᠡᠬᠢᠯᠡᠭᠦᠯᠦᠨ ᠪᠠᠶᠢᠵᠤ ᠰᠠᠶᠢ ᠳᠠᠭᠤᠰᠬᠠᠳᠠᠭ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号