ᠵᠠᠯᠠᠨ ᠠᠶᠢᠯ ᠬᠤᠳᠠ ᠳᠤ ᠪᠠᠶᠢᠭ᠎ᠠ ᠯᠢᠶᠤᠤ ᠤᠯᠤᠰ ᠤᠨ ᠦᠶ᠎ᠠ ᠶᠢᠨ ᠳᠦᠷᠪᠡᠨ ᠳᠡᠤᠬᠡ ᠶᠢᠨ ᠬᠠᠭᠤᠴᠢ ᠪᠠᠭᠤᠷᠢ ᠮᠦᠨᠬᠦ ᠬᠠᠳᠠᠭᠠᠯᠠᠬᠳᠠᠬᠰᠠᠭᠠᠷ ᠪᠤᠢ
ᠨᠡᠶᠢᠲᠡᠯᠡᠭᠰᠡᠨ ᠴᠠᠭ᠄
2020/10/15
     ︽ᠤᠮᠠᠷᠠᠳᠤ ᠶᠢᠨ ᠰᠦᠵᠸᠦ ᠬᠠᠩᠵᠸᠦ︾ ᠬᠡᠮᠡᠨ ᠠᠯᠳᠠᠷᠰᠢᠬᠰᠠᠨ ᠦᠪᠦᠷ ᠮᠤᠩᠭᠤᠯ ᠤᠨ ᠬᠦᠯᠦᠨ ᠪᠤᠶᠢᠷ ᠤᠨ ᠵᠠᠯᠠᠨ ᠠᠶᠢᠯ ᠬᠤᠳᠠ ᠪᠤᠯ ᠦᠨᠢ ᠤᠳᠠᠭᠠᠨ ᠳᠡᠤᠬᠡ ᠲᠠᠢ ᠶᠤᠮ᠂ ᠳᠤᠰᠬᠠᠢ ᠮᠡᠷᠬᠡᠵᠢᠯᠳᠡᠨ ᠤ ᠰᠢᠨᠵᠢᠯᠡᠨ ᠨᠤᠳᠠᠯᠠᠬᠰᠠᠨ ᠢᠶᠠᠷ᠂ ᠠᠳᠠᠬ ᠲᠠᠭᠠᠨ ᠤᠳᠤ ᠠᠴᠠ 7000 ᠵᠢᠯ ᠤᠨ ᠡᠮᠤᠨᠡᠬᠢ ᠰᠢᠨ᠎ᠠ ᠴᠢᠯᠠᠭᠤᠨ ᠵᠡᠪᠰᠡᠭ ᠤᠨ ᠦᠶ᠎ᠠ ᠳᠤ ᠶᠤᠯᠦ ᠮᠦᠷᠡᠨ᠂ ᠴᠤᠤᠯ ᠭᠤᠤᠯ ᠤᠨ ᠤᠷᠤᠰᠬᠠᠯ ᠳᠠᠭᠠᠦ ᠪᠠᠷ ᠬᠦᠮᠦᠨ ᠳᠦᠷᠦᠯᠬᠢᠳᠡᠨ ᠠᠮᠢᠳᠤᠷᠠᠵᠤ ᠪᠠᠶᠢᠵᠡᠢ᠃ ᠯᠢᠶᠤᠤ ᠤᠯᠤᠰ ᠤᠨ ᠦᠶ᠎ᠠ ᠳᠤ ᠵᠠᠯᠠᠨ ᠠᠶᠢᠯ ᠨᠢ ᠨᠢᠬᠡᠨᠳᠡ ᠬᠢᠩᠭᠠᠨ ᠳᠠᠪᠠᠭᠠᠨ ᠤ ᠵᠡᠬᠦᠨ ᠬᠡᠰᠡᠭ ᠬᠢᠬᠡᠳ ᠬᠦᠯᠦᠨ ᠨᠠᠭᠤᠷ ᠤᠷᠤᠨ ᠤ ᠵᠠᠮ ᠬᠠᠷᠢᠯᠴᠠᠭᠠᠨ ᠤ ᠪᠠᠯᠴᠢᠷ ᠪᠤᠯᠵᠤ᠂ ᠭᠠᠵᠠᠷ ᠵᠦᠢ ᠶᠢᠨ ᠪᠠᠶᠢᠷᠢᠯᠠᠯ ᠢᠶᠠᠷ ᠳᠦᠢᠯ ᠤᠨ ᠴᠢᠬᠤᠯᠠ ᠤᠷᠤᠨ ᠪᠤᠯᠵᠤ᠂ ᠴᠡᠷᠢᠭ ᠤᠨ ᠪᠤᠳᠤᠯᠭᠠᠳᠠᠳ ᠤᠨ ᠵᠠᠪᠠᠯ ᠪᠤᠯᠢᠶᠠᠯᠴᠠᠳᠠᠬ ᠭᠠᠵᠠᠷ ᠪᠤᠯᠤᠬᠰᠠᠨ ᠪᠠᠶᠢᠨ᠎ᠠ᠃ ᠵᠠᠯᠠᠨ ᠠᠶᠢᠯ ᠬᠤᠳᠠ ᠳᠤ ᠪᠠᠶᠢᠭ᠎ᠠ ᠯᠢᠶᠤᠤ ᠤᠯᠤᠰ ᠤᠨ ᠦᠶ᠎ᠠ ᠶᠢᠨ ᠳᠦᠷᠪᠡᠨ ᠬᠠᠭᠤᠴᠢ ᠪᠠᠭᠤᠷᠢ ᠳᠤ ᠳᠤᠰᠬᠠᠢ ᠮᠡᠷᠬᠡᠵᠢᠯᠳᠡᠳ ᠬᠠᠶᠢᠨ ᠰᠢᠨᠵᠢᠯᠡᠯᠳᠡ ᠬᠢᠬᠡᠳ ᠳᠡᠬᠡᠷ᠎ᠠ ᠳᠤᠷᠠᠳᠤᠬᠰᠠᠨ ᠬᠡᠯᠡᠯᠬᠡ ᠶᠢᠨ ᠵᠦᠪ ᠬᠡᠰᠡᠨ ᠢ ᠨᠤᠳᠠᠯᠠᠪᠠ᠃ ᠤᠳᠤᠬᠠᠨ ᠳᠤ ᠢᠯᠡᠷᠡᠬᠦᠯᠦᠬᠡᠳ ᠪᠠᠶᠢᠭ᠎ᠠ ᠪᠠ ᠬᠠᠳᠠᠭᠠᠯᠠᠬᠳᠠᠵᠤ ᠪᠠᠶᠢᠭ᠎ᠠ ᠯᠢᠶᠤᠤ ᠤᠯᠤᠰ ᠤᠨ ᠦᠶ᠎ᠠ ᠶᠢᠨ ᠡᠨᠡ ᠳᠦᠷᠪᠡᠨ ᠬᠠᠭᠤᠴᠢ ᠪᠠᠭᠤᠷᠢ ᠬᠡᠪᠡᠯ᠄ ᠭᠤᠤ ᠲᠠᠢ ᠽᠢ ᠪᠠᠯᠭᠠᠰᠤᠨ ᠤ ᠭᠤᠤ ᠲᠠᠢ ᠽᠢ ᠳᠤᠰᠬᠤᠨ ᠳᠤ ᠪᠠᠶᠢᠭ᠎ᠠ ᠯᠢᠶᠤᠤ ᠤᠯᠤᠰ ᠤᠨ ᠦᠶ᠎ᠠ ᠶᠢᠨ ᠡᠷᠳᠡᠨ ᠤ ᠬᠤᠳᠠ ᠶᠢᠨ ᠪᠠᠭᠤᠷᠢ︔ ᠳᠠᠭᠤᠷ ᠦᠨᠳᠦᠰᠦᠳᠡᠨ ᠤ ᠰᠢᠶᠠᠩ ᠤᠨ ᠵᠢᠦ ᠼᠦᠨ ᠳᠤᠰᠬᠤᠨ ᠳᠤ ᠪᠠᠶᠢᠭ᠎ᠠ ᠯᠢᠶᠤᠤ ᠤᠯᠤᠰ ᠤᠨ ᠦᠶ᠎ᠠ ᠶᠢᠨ ᠡᠷᠳᠡᠨ ᠤ ᠬᠤᠳᠠ ᠶᠢᠨ ᠪᠠᠭᠤᠷᠢ︔ ᠬᠤᠤ ᠷᠤᠤ ᠱᠠᠨ ᠰᠢᠶᠠᠩ ᠤᠨ ᠪᠠᠷᠠᠭᠤᠨ ᠫᠢᠩ ᠲᠠᠢ ᠳᠤᠰᠬᠤᠨ ᠳᠤ ᠪᠠᠶᠢᠭ᠎ᠠ ᠯᠢᠶᠤᠤ ᠤᠯᠤᠰ ᠤᠨ ᠦᠶ᠎ᠠ ᠶᠢᠨ ᠰᠤᠶᠤᠯ ᠤᠨ ᠬᠠᠭᠤᠴᠢ ᠦᠯᠡᠳᠡᠭᠳᠡᠯ︔ ᠳ᠋ᠠ ᠡᡁᠧ ᠸᠠᠨ ᠪᠠᠯᠭᠠᠰᠤᠨ ᠤ ᠸᠠᠩ ᠵᠢᠶᠠ ᠳᠦᠨ ᠳᠤᠰᠬᠤᠨ ᠳᠤ ᠪᠠᠶᠢᠭ᠎ᠠ ᠯᠢᠶᠤᠤ ᠤᠯᠤᠰ ᠤᠨ ᠦᠶ᠎ᠠ ᠶᠢᠨ ᠡᠷᠳᠡᠨ ᠤ ᠬᠤᠳᠠ ᠶᠢᠨ ᠪᠠᠭᠤᠷᠢ ᠵᠡᠷᠬᠡ ᠪᠤᠯᠤᠨ᠎ᠠ᠂ ᠯᠢᠶᠤᠤ ᠤᠯᠤᠰ ᠤᠨ ᠦᠶ᠎ᠠ ᠶᠢᠨ ᠡᠨᠡ ᠳᠦᠷᠪᠡᠨ ᠬᠠᠭᠤᠴᠢ ᠪᠠᠭᠤᠷᠢ ᠨᠢ ᠵᠠᠯᠠᠨ ᠠᠶᠢᠯ ᠬᠤᠳᠠ ᠬᠡᠬᠦ ᠡᠨᠡ ᠬᠦ ᠡᠷᠳᠡᠨ ᠤ ᠨᠤᠳᠤᠬ ᠳᠠᠪᠢᠰᠬᠡᠷ ᠳᠤ ᠡᠴᠢᠨ᠎ᠠ ᠬᠦᠨ ᠦᠩᠬᠡ ᠪᠤᠳᠤᠬ ᠤᠷᠤᠭᠤᠯᠤᠬᠰᠠᠨ ᠢᠶᠠᠷ ᠪᠠᠷᠠᠬᠤ ᠦᠬᠡᠢ᠂ ᠪᠠᠰᠠ ᠡᠨᠡ ᠬᠦ ᠨᠤᠳᠤᠬ ᠳᠠᠪᠢᠰᠬᠡᠷ ᠲᠤ ᠠᠮᠢᠳᠤᠷᠠᠵᠤ ᠪᠠᠶᠢᠭ᠎ᠠ ᠦᠨᠳᠦᠰᠦᠳᠡᠨ ᠨᠦᠭᠦᠳ ᠤᠨ ᠠᠷᠠᠳ ᠳᠦᠮᠡᠨ ᠤ ᠤᠮᠤᠬᠰᠢᠯ ᠪᠠᠭ᠋ᠠᠳᠤᠯ ᠪᠤᠯᠵᠤ ᠪᠤᠢ᠃       ᠭᠤᠤ ᠲᠠᠢ ᠽᠢ ᠶᠢᠨ ᠡᠷᠳᠡᠨ ᠤ ᠬᠤᠳᠠ ᠶᠢᠨ ᠪᠠᠭᠤᠷᠢ᠄ ᠵᠠᠯᠠᠨ ᠠᠶᠢᠯ ᠬᠤᠳᠠ ᠠᠴᠠ ᠵᠡᠬᠦᠨ ᠡᠮᠤᠨᠡᠰᠢ 7 ᠺᠢᠯᠦᠮᠧᠳ᠋ᠷ ᠵᠠᠶᠢᠳᠠᠢ ᠭᠤᠤ ᠲᠠᠢ ᠽᠢ ᠪᠠᠯᠭᠠᠰᠤᠨ ᠤ ᠭᠤᠤ ᠲᠠᠢ ᠽᠢ ᠳᠤᠰᠬᠤᠨ ᠤ ᠬᠢᠵᠠᠭᠠᠷ ᠲᠠᠬᠢ ᠶᠤᠯᠤ ᠭᠤᠤᠯ ᠤᠨ ᠵᠡᠬᠦᠨ ᠡᠷᠬᠢ ᠳᠤ ᠪᠠᠶᠢᠭ᠎ᠠ ᠭᠤᠤ ᠲᠠᠢ ᠽᠢ ᠳᠡᠷᠬᠡᠨ ᠦᠷᠳᠡᠭᠡ ᠠᠴᠠ ᠪᠠᠷᠠᠭᠤᠨ ᠬᠤᠶᠢᠰᠢ 300 ᠮᠧᠳ᠋ᠷ ᠪᠦᠬᠦᠢ ᠵᠠᠶᠢᠳᠠᠢ ᠭᠠᠵᠠᠷ ᠲᠤ ᠪᠠᠶᠢᠷᠢᠯᠠᠵᠤ ᠪᠤᠢ᠃ ᠡᠨᠡ ᠬᠦ ᠡᠷᠳᠡᠨ ᠤ ᠬᠤᠳᠠ ᠨᠢ ᠰᠢᠷᠤᠢ ᠪᠠᠷ ᠪᠠᠶᠢᠭᠤᠯᠤᠬᠳᠠᠬᠰᠠᠨ ᠱᠠᠳᠤᠯᠵᠢᠨ ᠬᠡᠯᠪᠡᠷᠢ ᠲᠠᠢ ᠪᠠᠶᠢᠵᠤ᠂ 6600 ᠳᠡᠭᠰᠢ ᠳᠦᠷᠪᠡᠯᠵᠢᠨ ᠮᠧᠳ᠋ᠷ ᠪᠦᠬᠦᠢ ᠭᠠᠵᠠᠷ ᠳᠠᠯᠠᠪᠠᠢ ᠶᠢ ᠡᠵᠡᠯᠡᠵᠤ᠂ ᠦᠯᠡᠳᠡᠭᠳᠡᠯ ᠬᠡᠷᠡᠮ ᠨᠢ 2.5 ᠮᠧᠳ᠋ᠷ ᠦᠨᠳᠦᠷ ᠪᠠᠶᠢᠵᠤ᠂ ᠵᠡᠬᠦᠨ ᠳᠠᠯ᠎ᠠ ᠶᠢᠨ ᠬᠤᠳᠠ ᠶᠢᠨ ᠡᠬᠦᠳᠡ ᠨᠢ ᠢᠯᠡ ᠮᠡᠳᠡᠭᠳᠡᠮ᠎ᠠ ᠬᠠᠷᠠᠬᠳᠠᠵᠤ᠂ ᠬᠤᠳᠠ ᠶᠢᠨ ᠬᠡᠷᠡᠮ ᠤᠨ ᠪᠠᠷᠠᠭᠤᠨ ᠡᠮᠤᠨ᠎ᠠ ᠪᠡ ᠵᠡᠬᠦᠨ ᠬᠤᠶᠢᠳᠦ ᠦᠨᠴᠦᠭ ᠨᠢ ᠬᠦᠨᠳᠦ ᠨᠤᠴᠢᠳᠠᠢ ᠡᠪᠳᠡᠭᠳᠡᠵᠤ᠂ ᠭᠠᠵᠠᠷ ᠳᠡᠬᠡᠬᠦᠷ ᠨᠢ ᠪᠦᠰ ᠠᠷᠳᠦ ᠬᠠᠪᠳᠠᠰᠤᠨ ᠸᠠᠭᠠᠷ ᠪᠠ ᠠᠷᠠᠭᠠᠯᠢᠬ᠂ ᠳᠦᠷᠪᠡᠯᠵᠢᠨ᠂ ᠳᠤᠤᠷᠯᠢᠬ ᠬᠡᠯᠪᠡᠷᠢ ᠲᠠᠢ ᠱᠠᠭᠠᠵᠠᠩ ᠤᠨ ᠬᠡᠮᠬᠡᠷᠬᠡᠢ ᠨᠦᠭᠦᠳ ᠬᠠᠶᠠᠬᠳᠠᠵᠤ ᠪᠤᠳᠠᠷᠠᠭᠠᠰᠤᠳᠠᠢ ᠪᠤᠢ᠃      ᠵᠢᠦ ᠼᠦᠨ ᠳᠤᠰᠬᠤᠨ ᠳᠤ ᠪᠠᠶᠢᠭ᠎ᠠ ᠡᠷᠳᠡᠨ ᠤ ᠬᠤᠳᠠ ᠶᠢᠨ ᠪᠠᠭᠤᠷᠢ᠄ ᠳᠠᠭᠤᠷ ᠦᠨᠳᠦᠰᠦᠳᠡᠨ ᠤ ᠰᠢᠶᠠᠩ ᠠᠴᠠ ᠪᠠᠷᠠᠭᠤᠨ ᠡᠮᠤᠨᠡᠰᠢ 1 ᠺᠢᠯᠦᠮᠧᠳ᠋ᠷ ᠵᠠᠶᠢᠳᠠᠢ᠂ ᠳ᠋ᠠ ᠡᡁᠧ ᠸᠠᠨ ᠳᠠᠷᠢᠶᠠᠯᠠᠩ ᠤᠨ ᠳᠠᠯᠠᠪᠠᠢ ᠠᠴᠠ ᠠᠰ ᠬᠤᠶᠢᠰᠢ 2 ᠺᠢᠯᠦᠮᠧᠳ᠋ᠷ ᠵᠠᠶᠢᠳᠠᠢ ᠰᠢᠶᠠᠩ ᠳᠤ ᠨᠡᠪᠳᠡᠷᠡᠬᠦ ᠵᠠᠮ ᠠᠴᠠ ᠪᠠᠷᠠᠭᠤᠨᠰᠢ 500 ᠮᠧᠳ᠋ᠷ ᠪᠦ᠋ᠬᠦᠢ ᠵᠠᠶᠢᠳᠠᠢ ᠭᠠᠵᠠᠷ ᠲᠤ ᠪᠠᠶᠢᠷᠢᠯᠡᠵᠤ ᠪᠤᠢ᠃ ᠳᠤᠰ ᠡᠷᠳᠡᠨ ᠤ ᠬᠤᠳᠠ ᠶᠢᠨ ᠪᠠᠭᠤᠷᠢ ᠨᠢ ᠶᠡᠭᠡ ᠬᠡᠪᠴᠢᠶᠡᠨ ᠤ ᠢᠬᠴᠦ ᠰᠠᠬᠤᠯᠢᠬ ᠴᠠᠷᠠᠰᠤᠨ ᠮᠤᠳᠤᠨ ᠰᠢᠭᠤᠢ ᠳᠤ ᠬᠤᠴᠢᠬᠳᠠᠵᠤ᠂ 4095 ᠳᠡᠭᠰᠢ ᠳᠦᠷᠪᠡᠯᠵᠢᠨ ᠮᠧᠳ᠋ᠷ ᠪᠦᠬᠦᠢ ᠭᠠᠵᠠᠷ ᠳᠠᠯᠠᠪᠠᠢ ᠶᠢ ᠡᠵᠡᠯᠡᠵᠤ ᠪᠤᠢ᠂ ᠬᠤᠳᠠ ᠶᠢᠨ ᠬᠡᠷᠡᠮ ᠨᠢ 3 ᠮᠧᠳ᠋ᠷ ᠰᠢᠬᠠᠮ ᠦᠨᠳᠦᠷ ᠪᠠᠶᠢᠵᠤ᠂ ᠳᠦᠷᠪᠡᠨ ᠳᠠᠯ᠎ᠠ ᠪᠠᠷ ᠢᠶᠠᠨ ᠬᠤᠳᠠ ᠬᠠᠮᠠᠭᠠᠯᠠᠬᠤ ᠭᠤᠤ ᠰᠤᠪᠠᠬ ᠲᠠᠢ᠂ ᠬᠤᠳᠠ ᠶᠢᠨ ᠵᠡᠬᠦᠨ ᠡᠬᠦᠳᠡ ᠨᠢ 8 ᠮᠧᠳ᠋ᠷ ᠦᠷᠬᠡᠨ ᠪᠠᠶᠢᠵᠤ᠂ ᠡᠬᠦᠳᠡᠨ ᠤ ᠪᠠᠨ ᠭᠠᠳᠠᠨ᠎ᠠ ᠪᠠᠰᠠ 1.5 ᠮᠧᠳ᠋ᠷ ᠦᠨᠳᠦᠷ᠂ 12 ᠮᠧᠳ᠋ᠷ ᠤᠷᠳᠤ ᠨᠢᠬᠡᠨ ᠰᠢᠷᠤᠢ ᠶᠢᠨ ᠤᠪᠤᠭ᠎ᠠ ᠲᠠᠢ᠂ ᠭᠠᠵᠠᠷ ᠳᠡᠬᠡᠬᠦᠷ ᠨᠢ ᠬᠦᠬᠡ ᠪᠠ ᠤᠯᠠᠭᠠᠨ ᠬᠤᠶᠠᠷ ᠦᠩᠬᠡ ᠶᠢᠨ ᠪᠦᠰ ᠠᠷᠳᠤ ᠸᠠᠭᠠᠷ ᠪᠤᠯᠤᠨ ᠱᠦᠬᠦᠷ ᠠᠷ ᠲᠠᠢ ᠱᠠᠭᠠᠵᠠᠩ ᠬᠠᠶᠠᠬᠳᠠᠵᠤ ᠪᠤᠳᠠᠷᠠᠭᠠᠰᠤᠳᠠᠢ ᠪᠤᠢ᠂ ᠡᠨᠡ ᠬᠦ ᠡᠷᠳᠡᠨ ᠤ ᠬᠤᠳᠠ ᠨᠢ ᠤᠳᠤ ᠪᠤᠯᠳᠠᠯ᠎ᠠ ᠪᠦᠷᠢᠨ ᠪᠦᠳᠦᠨ ᠢᠶᠠᠷ ᠢᠶᠠᠨ ᠬᠠᠳᠠᠭᠠᠯᠠᠬᠳᠠᠬᠰᠠᠭᠠᠷ ᠪᠠᠶᠢᠨ᠎ᠠ᠃      ᠸᠠᠩ ᠵᠢᠶᠠ ᠳᠦᠨ ᠳᠤᠰᠬᠤᠨ ᠳᠤ ᠪᠠᠶᠢᠭ᠎ᠠ ᠡᠷᠳᠡᠨ ᠤ ᠬᠤᠳᠠ ᠶᠢᠨ ᠪᠠᠭᠤᠷᠢ᠄ ᠳ᠋ᠠ ᠡᡁᠧ ᠸᠠᠨ ᠪᠠᠯᠭᠠᠰᠤᠨ ᠤ ᠸᠠᠩ ᠵᠢᠶᠠ ᠳᠦᠨ ᠳᠤᠰᠬᠤᠨ ᠠᠴᠠ ᠵᠡᠬᠦᠨ ᠬᠤᠶᠢᠰᠢ 2 ᠺᠢᠯᠦᠮᠧᠳ᠋ᠷ ᠪᠦᠬᠦᠢ ᠵᠠᠶᠢᠳᠠᠢ ᠭᠠᠵᠠᠷ ᠲᠤ ᠪᠠᠶᠢᠷᠢᠯᠡᠵᠤ ᠪᠤᠢ᠃ ᠬᠤᠳᠠ ᠠᠴᠠ ᠤᠮᠠᠷᠠᠰᠢ 700 ᠮᠧᠳ᠋ᠷ ᠵᠠᠶᠢᠳᠠᠢ ᠭᠠᠵᠠᠷ ᠨᠢ ᠶᠠᠬ ᠶᠢᠨ ᠡᡁᠧ ᠭᠤᠤᠯ ᠳᠤᠮᠳᠠ ᠬᠡᠰᠡᠭ ᠨᠢ ᠪᠠᠶᠢᠵᠤ᠂ 350 ᠮᠧᠳ᠋ᠷ ᠪᠦᠬᠦᠢ ᠵᠠᠶᠢᠳᠠᠢ ᠭᠠᠵᠠᠷ ᠨᠢ ᠶᠢᠨ ᠡᡁᠧ ᠭᠤᠤᠯ ᠤᠨ ᠰᠠᠪᠠ ᠭᠠᠵᠠᠷ ᠨᠢ ᠪᠤᠯᠤᠨ᠎ᠠ᠃ ᠡᠷᠳᠡᠨ ᠤ ᠬᠤᠳᠠ ᠨᠢ ᠰᠢᠷᠤᠢ ᠪᠠᠷ ᠪᠠᠶᠢᠭᠤᠯᠤᠬᠳᠠᠵᠤ᠂ ᠱᠠᠳᠤᠯᠵᠢᠨ ᠬᠡᠯᠪᠡᠷᠢ ᠲᠠᠢ ᠪᠠᠶᠢᠵᠤ᠂ 4225 ᠳᠡᠭᠰᠢ ᠳᠦᠷᠪᠡᠯᠵᠢᠨ ᠮᠧᠳ᠋ᠷ ᠪᠦᠬᠦᠢ ᠭᠠᠵᠠᠷ ᠳᠠᠯᠠᠪᠠᠢ ᠶᠢ ᠡᠵᠡᠯᠡᠵᠤ ᠪᠤᠢ᠃ ᠪᠠᠷᠠᠭᠤᠨ ᠪᠠ ᠬᠤᠶᠢᠳᠤ ᠳᠠᠯ᠎ᠠ ᠪᠠᠷ ᠢᠶᠠᠨ ᠠᠰᠬ᠎ᠠ ᠬᠠᠳᠠ ᠶᠢ ᠳᠦᠰᠢᠵᠤ᠂ ᠠᠰᠬ᠎ᠠ ᠬᠠᠳᠠ ᠨᠢ 15 ᠮᠧᠳ᠋ᠷ ᠤᠷᠴᠢᠮ ᠦᠨᠳᠦᠷ ᠪᠤᠢ᠂ ᠬᠤᠳᠠ ᠶᠢᠨ ᠬᠡᠷᠡᠮ ᠤᠨ ᠰᠠᠭᠤᠷᠢ ᠨᠢ 5 — 11 ᠮᠧᠳ᠋ᠷ ᠬᠡᠬᠦᠴᠢᠯᠡᠨ ᠠᠳᠠᠯᠢ ᠪᠤᠰᠤ ᠪᠠᠶᠢᠵᠤ᠂ ᠬᠤᠳᠠ ᠳᠠᠬᠢ ᠭᠤᠤᠯ ᠤᠨ ᠦᠯᠡᠳᠡᠭᠳᠡᠯ ᠨᠢ 1 ᠮᠧᠳ᠋ᠷ ᠬᠦᠨ ᠪᠠᠶᠢᠵᠤ᠂ ᠵᠡᠬᠦᠨ ᠳᠠᠯ᠎ᠠ ᠳᠠᠭᠠᠨ ᠨᠢᠬᠡ ᠬᠤᠳᠠ ᠶᠢᠨ ᠡᠬᠦᠳᠡ ᠲᠠᠢ᠂ ᠡᠬᠦᠳᠡᠨ ᠤ ᠦᠷᠬᠡᠨ ᠨᠢ 9 ᠮᠧᠳ᠋ᠷ᠂ ᠬᠠᠯᠬᠠᠭ᠎ᠠ ᠬᠤᠳᠠ ᠨᠢ 9 ᠮᠧᠳ᠋ᠷ ᠪᠠᠶᠢᠵᠤ᠂ ᠳᠦᠷᠪᠡᠨ ᠳᠠᠯ᠎ᠠ ᠪᠠᠷ ᠢᠶᠠᠨ ᠮᠤᠷᠢᠨ ᠬᠡᠯᠪᠡᠷᠢ ᠲᠠᠢ ᠦᠨᠴᠦᠭᠳᠦ ᠳᠠᠪᠴᠠᠩ ᠲᠠᠢ᠂ ᠬᠤᠳᠠ ᠶᠢᠨ ᠡᠮᠤᠨ᠎ᠠ ᠳᠠᠯ᠎ᠠ ᠶᠢᠨ ᠭᠤᠤ ᠶᠢᠨ ᠭᠠᠳᠠᠭᠤᠷ ᠨᠢ ᠪᠠᠰᠠ ᠬᠤᠶᠠᠷ ᠳᠠᠪᠬᠤᠷ ᠳᠠᠭᠠᠯᠳᠠ ᠭᠤᠤ ᠲᠠᠢ᠃ ᠬᠤᠳᠠ ᠶᠢᠨ ᠳᠤᠳᠤᠷᠠᠬᠢ ᠭᠠᠵᠠᠷ ᠳᠡᠬᠡᠬᠦᠷ ᠨᠢ ᠡᠯᠡᠰᠦ ᠬᠠᠶᠢᠷ ᠬᠤᠯᠢᠯᠳᠤᠬᠰᠠᠨ ᠱᠠᠭᠠᠵᠠᠩ ᠤᠨ ᠬᠡᠮᠬᠡᠷᠬᠡᠢ ᠪᠤᠯᠤᠨ ᠪᠦᠰ ᠠᠷᠳᠤ ᠸᠠᠭᠠᠷ ᠤᠨ ᠬᠡᠮᠬᠡᠷᠬᠡᠢ ᠨᠦᠭᠦᠳ ᠬᠠᠶᠠᠬᠳᠠᠵᠤ ᠪᠤᠳᠠᠷᠠᠬᠰᠠᠨ ᠪᠠᠶᠢᠨ᠎ᠠ᠂ ᠠᠳᠡ ᠠᠴᠠ ᠪᠠᠰᠠ ᠳᠡᠮᠤᠷ ᠵᠡᠪᠡ᠂ ᠴᠢᠯᠠᠭᠤᠨ ᠤᠭᠤᠷ ᠵᠡᠷᠬᠡ ᠬᠠᠭᠤᠴᠢ ᠡᠳ᠋ᠯᠡᠯ ᠢ ᠢᠯᠡᠷᠡᠬᠦᠯᠵᠤ ᠦᠩᠬᠡᠷᠡᠵᠡᠢ᠂ ᠳᠤᠰ ᠡᠷᠳᠡᠨ ᠤ ᠬᠤᠳᠠ ᠨᠢ ᠤᠳᠤ ᠦᠨᠳᠦᠰᠦᠨ ᠳᠡᠭᠡᠨ ᠪᠦᠳᠦᠨ ᠢᠶᠠᠷ ᠢᠶᠠᠨ ᠪᠠᠶᠢᠬᠰᠠᠭᠠᠷ ᠪᠤᠢ᠃      ᠪᠠᠷᠠᠭᠤᠨ ᠫᠢᠩ ᠲᠠᠢ ᠳᠤᠰᠬᠤᠨ ᠳᠤ ᠪᠠᠶᠢᠭ᠎ᠠ ᠯᠢᠶᠤᠤ ᠤᠯᠤᠰ ᠤᠨ ᠦᠶ᠎ᠠ ᠶᠢᠨ ᠰᠤᠶᠤᠯ ᠤᠨ ᠬᠠᠭᠤᠴᠢ ᠦᠯᠡᠳᠡᠭᠳᠡᠯ᠄ ᠬᠤᠤ ᠷᠤᠤ ᠱᠠᠨ ᠰᠢᠶᠠᠩ ᠤᠨ ᠪᠠᠷᠠᠭᠤᠨ ᠫᠢᠩ ᠲᠠᠢ ᠳᠤᠰᠬᠤᠨ ᠢᠶᠠᠷ ᠦᠩᠬᠡᠷᠡᠭᠡ ᠴᠤᠤᠯ ᠭᠤᠤᠯ ᠤᠨ ᠡᠷᠬᠢ ᠳᠤ ᠪᠠᠶᠢᠷᠢᠯᠡᠵᠤ᠂ 6000 ᠳᠡᠭᠰᠢ ᠳᠦᠷᠪᠡᠯᠵᠢᠨ ᠮᠧᠳ᠋ᠷ ᠪᠦᠬᠦᠢ ᠭᠠᠵᠠᠷ ᠳᠠᠯᠠᠪᠠᠢ ᠶᠢ ᠡᠵᠡᠯᠡᠵᠤ ᠪᠤᠢ᠂ ᠭᠠᠵᠠᠷ ᠤᠨ ᠭᠠᠳᠠᠷᠭᠤ ᠠᠴᠠ ᠳᠤᠷᠤᠬᠰᠢ 0.5 ᠮᠧᠳ᠋ᠷ ᠬᠦᠨ ᠬᠡᠰᠡᠭ ᠠᠴᠠ ᠯᠢᠶᠤᠤ ᠤᠯᠤᠰ ᠤᠨ ᠦᠶ᠎ᠠ ᠶᠢᠨ ᠪᠦᠰ ᠠᠷᠳᠤ ᠸᠠᠭᠠᠷ ᠤᠨ ᠬᠡᠮᠬᠡᠷᠬᠡᠢ ᠶᠢ ᠶᠡᠭᠡ ᠬᠡᠮᠵᠢᠶ᠎ᠡ ᠪᠠᠷ ᠢᠯᠡᠷᠡᠬᠦᠯᠵᠡᠢ᠂ ᠭᠠᠵᠠᠷ ᠳᠡᠬᠡᠬᠦᠷ ᠨᠢ ᠰᠠᠮ ᠤᠨ ᠬᠡᠯᠪᠡᠷᠢ ᠲᠠᠢ ᠱᠠᠭᠠᠵᠠᠩ ᠤᠨ ᠬᠡᠯᠳᠡᠷᠬᠡᠢ ᠨᠦᠭᠦᠳ ᠬᠠᠶᠠᠬᠳᠠᠵᠤ᠂ ᠡᠷᠳᠡᠨ ᠤ ᠬᠤᠳᠠ ᠨᠢ ᠦᠨᠳᠦᠰᠦᠨ ᠳᠡᠭᠡᠨ ᠪᠠᠯᠠᠷᠠᠵᠠᠢ᠂ ᠬᠠᠮᠢᠶ᠎ᠠ ᠪᠦᠬᠦᠢ ᠰᠠᠯᠠᠭ᠎ᠠ ᠮᠦᠴᠢᠷ ᠠᠴᠠ ᠡᠬᠦᠨ ᠢ ᠯᠢᠶᠤᠤ ᠤᠯᠤᠰ ᠤᠨ ᠦᠶ᠎ᠠ ᠶᠢᠨ ᠰᠤᠶᠤᠯ ᠤᠨ ᠬᠠᠭᠤᠴᠢ ᠦᠯᠡᠳᠡᠭᠳᠡᠯ ᠬᠡᠵᠤ ᠠᠩᠬ᠎ᠠ ᠠᠯᠬᠤᠮ ᠨᠤᠳᠠᠯᠠᠨ ᠳᠤᠬᠳᠠᠭᠠᠭᠠᠳ ᠪᠠᠶᠢᠨ᠎ᠠ᠃      ᠯᠢᠶᠤᠤ ᠤᠯᠤᠰ ᠤᠨ ᠦᠶ᠎ᠠ ᠶᠢᠨ ᠡᠨᠡ ᠳᠦᠷᠪᠡᠨ ᠬᠠᠭᠤᠴᠢ ᠪᠠᠭᠤᠷᠢ ᠪᠤᠯ ᠵᠠᠯᠠᠨ ᠠᠶᠢᠯ ᠬᠤᠳᠠ ᠶᠢᠨ ᠦᠨᠦ ᠪᠤᠯᠳᠠᠯ᠎ᠠ ᠨᠡᠬᠡᠬᠡᠵᠤ ᠠᠰᠢᠬᠯᠠᠭᠠᠳᠤᠢ ᠪᠠᠶᠢᠭ᠎ᠠ ᠵᠤᠭᠠᠴᠠᠯ ᠤᠨ ᠡᠬᠢ ᠪᠠᠶᠠᠯᠢᠬ ᠤᠨ ᠨᠢᠬᠡ᠂ ᠳᠦᠢᠯ ᠤᠨ ᠬᠤᠪᠤᠷ ᠨᠠᠨᠳᠢᠨ ᠳᠡᠤᠬᠡ ᠶᠢᠨ ᠬᠠᠭᠤᠴᠢ ᠦᠯᠡᠳᠡᠭᠳᠡᠯ ᠤᠨ ᠵᠦᠢᠯᠡᠰ ᠪᠤᠯᠬᠤ ᠶᠤᠮ᠂ ᠤᠳᠤᠬᠠᠨ ᠳᠤ ᠵᠠᠯᠠᠨ ᠠᠶᠢᠯ ᠬᠤᠳᠠ ᠠᠴᠠ ᠡᠨᠡ ᠳᠦᠷᠪᠡᠨ ᠬᠠᠭᠤᠴᠢ ᠪᠠᠭᠤᠷᠢ ᠶᠢ ᠬᠤᠳᠠ ᠶᠢᠨ ᠳᠡᠰ ᠤᠨ ᠴᠢᠬᠤᠯᠠ ᠳᠡᠤᠬᠡ ᠶᠢᠨ ᠳᠤᠷᠠᠰᠬᠠᠯᠳᠤ ᠵᠦᠢᠯ ᠤᠨ ᠬᠠᠮᠠᠭᠠᠯᠠᠯᠳᠠ ᠶᠢᠨ ᠨᠢᠬᠡᠴᠡ ᠳᠤ ᠤᠷᠤᠭᠤᠯᠤᠭᠠᠳ ᠪᠤᠢ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号