ᠬᠦᠯᠦᠨ ᠪᠤᠶᠢᠷ ᠲᠠᠬᠢ ᠮᠤᠩᠭᠤᠯ ᠤᠨ ᠳᠡᠤᠬᠡ ᠳᠡᠮᠳᠡᠭᠯᠡᠯ ᠳᠤ ᠬᠤᠯᠪᠤᠭᠳᠠᠬᠤ ᠬᠡᠳᠦᠨ ᠭᠠᠵᠠᠷ ᠤᠨ ᠳᠤᠬᠠᠢ ᠠᠵᠢᠭᠯᠠᠯᠳᠠ
ᠨᠡᠶᠢᠲᠡᠯᠡᠭᠰᠡᠨ ᠴᠠᠭ᠄
2020/10/15
      ᠨᠢᠭᠡ᠂ ᠪᠦᠷᠳᠡ ᠴᠢᠨ᠋ᠸ᠎ᠠ ︽ᠡᠷᠭᠦᠨ᠎ᠡ ᠬᠤᠨ ᠠᠴᠠ ᠪᠤᠷᠬᠠᠨ ᠬᠠᠯᠲᠤᠨ︾ ᠳᠤ ᠨᠡᠭᠦᠨ ᠭᠡᠳᠦᠯᠦᠭᠰᠡᠨ ᠲᠡᠩᠬᠢᠰ ᠤᠨ ᠲᠤᠬᠠᠢ       1. ︽ᠮᠤᠩᠭᠤᠯ ᠤᠨ ᠨᠢᠭᠤᠴᠠ ᠲᠤᠪᠴᠢᠶᠠᠨ︾ ᠳᠤ᠄ ︽ᠴᠢᠩᠬᠢᠰ ᠬᠠᠭᠠᠨ ᠤ ᠢᠵᠠᠭᠤᠷ ᠳᠡᠭᠡᠷ᠎ᠡ ᠲᠡᠭᠷᠢ ᠠᠴᠠ ᠵᠠᠶᠠᠭᠠᠲᠤ ᠲᠦᠷᠦᠭᠰᠡᠨ ᠪᠦᠷᠳᠡ ᠴᠢᠨ᠋ᠸ᠎ᠠ ᠠᠵᠤᠭᠤ᠂ ᠭᠡᠷᠬᠡᠢ ᠢᠨᠦ ᠬᠤᠸᠠ ᠮᠠᠷᠠᠯ ᠠᠵᠢ᠃ ᠲᠡᠩᠬᠢᠰ ᠭᠡᠲᠦᠯᠵᠦ ᠢᠷᠡᠪᠡ᠃ ᠤᠨᠤᠨ ᠮᠦᠷᠡᠨ ᠤ ᠲᠡᠷᠢᠭᠦᠨ᠎ᠡ ᠪᠤᠷᠬᠠᠨ ᠬᠠᠯᠲᠤᠨ᠎ᠠ ᠨᠤᠲᠤᠭᠯᠠᠵᠤ ᠲᠦᠷᠦᠭᠰᠡᠨ ᠪᠠᠲᠤᠴᠠᠭᠠᠨ ᠠᠵᠤᠭᠤ︾ ᠭᠡᠵᠦ ᠡᠬᠢᠯᠡᠪᠡ᠃       2. ︽ᠮᠤᠩᠭᠤᠯ ᠦᠨᠳᠦᠰᠦᠲᠡᠨ ᠤ ᠨᠡᠪᠲᠡᠷᠬᠡᠢ ᠲᠡᠦᠬᠡ︾ ᠶᠢᠨ 6 ᠳ᠋ᠤᠭᠠᠷ ᠨᠢᠭᠤᠷ ᠲᠤ᠄ ︽᠁ ᠡᠷᠭᠦᠨ᠎ᠡ ᠬᠤᠨ ᠭᠡᠳᠡᠭ ᠨᠢ ᠡᠷᠭᠦᠨ᠎ᠡ ᠭᠤᠤᠯ ᠠᠴᠠ ᠡᠮᠦᠨᠡᠰᠢᠬᠢ ᠤᠢ ᠬᠦᠪᠴᠢᠲᠦ ᠠᠭᠤᠯᠠᠷᠬᠠᠭ ᠤᠷᠤᠨ ᠭᠡᠰᠡᠨ ᠤᠳᠬ᠎ᠠ ᠲᠠᠢ ᠦᠭᠡ ᠪᠤᠯᠤᠨ᠎ᠠ᠃ ᠮᠤᠩᠭᠤᠯᠴᠤᠳ ᠤᠨ ᠡᠨᠡ ᠬᠦ ᠳᠤᠮᠤᠭ ᠦᠯᠢᠭᠡᠷ ᠨᠢ᠄ ︿ᠬᠠᠭᠤᠴᠢᠨ ᠲᠠᠩ ᠤᠯᠤᠰ ᠤᠨ ᠪᠢᠴᠢᠭ﹀ ᠲᠤ ᠲᠡᠮᠳᠡᠭᠯᠡᠭᠰᠡᠨ ᠮᠤᠩ ᠦ ᠱᠢᠸᠧᠢ ᠪᠤᠯ ᠡᠷᠭᠦᠨ᠎ᠡ ᠭᠤᠤᠯ ᠤᠨ ᠡᠮᠦᠨᠡᠬᠦᠷ ᠨᠤᠲᠤᠭᠯᠠᠵᠤ ᠪᠠᠶᠢᠭᠰᠠᠨ ᠭᠡᠬᠦ ᠲᠡᠮᠳᠡᠭᠯᠡᠯ ᠲᠠᠢ ᠪᠦᠷ ᠲᠤᠬᠢᠷᠠᠵᠤ ᠪᠠᠶᠢᠭ᠎ᠠ ᠶᠤᠮ︾ ᠭᠡᠪᠡ᠃       3. ᠱ᠊ · ᠰᠤᠩᠲᠤᠢ᠂ ᠵ᠊ · ᠰᠧᠩᠳᠡᠮ᠎ᠠ ᠶᠢᠨ ︽ᠮᠤᠩᠭᠤᠯ ᠤᠨ ᠡᠷᠲᠡᠨ ᠤ ᠲᠡᠦᠬᠡᠨ ᠭᠠᠵᠠᠷ ᠤᠨ ᠵᠢᠷᠤᠭ︾ ᠤᠨ 54 ᠳ᠋ᠤᠬᠡᠷ ᠨᠢᠭᠤᠷ ᠲᠤ᠄ ︽ᠡᠷᠭᠦᠨ᠎ᠡ ᠬᠤᠨ ᠤ ᠮᠤᠩᠴᠤᠳ ᠨᠡᠭᠦᠰ ᠬᠢᠶᠠᠨ ᠤ ᠳᠠᠭᠠᠭᠤᠯᠭ᠎ᠠ ᠲᠠᠢ ᠨᠢᠭᠡ ᠪᠦᠯᠦᠭ ᠮᠤᠩᠴᠤᠳ ᠬᠢᠩᠭᠠᠨ ᠳᠠᠪᠠᠭᠠᠨ ᠤ ᠤᠢ ᠬᠦᠪᠴᠢ ᠪᠠᠷ ᠨᠡᠭᠦᠳᠡᠯᠯᠡᠨ ᠶᠠᠪᠤᠭᠰᠠᠭᠠᠷ ᠡᠷᠭᠦᠨ᠎ᠡ ᠬᠤᠨ ᠳᠤ ᠭᠠᠵᠠᠷ ᠢ ᠲᠠᠷᠡᠯᠠᠨ ᠨᠤᠲᠤᠭᠯᠠᠭᠰᠠᠭᠠᠷ ᠪᠠᠷᠠᠭᠤᠨᠰᠢᠯᠠᠵᠤ᠂ ᠤᠨᠤᠨ᠂ ᠬᠡᠷᠦᠯᠦᠨ᠂ ᠲᠤᠤᠯᠠ ᠭᠤᠷᠪᠠᠨ ᠭᠤᠤᠯ ᠤᠨ ᠡᠬᠢ ᠠᠪᠤᠭᠰᠠᠨ ᠪᠤᠷᠬᠠᠨ ᠬᠠᠯᠲᠤᠨ ᠤ ᠠᠭᠤᠯᠠᠷᠬᠠᠭ ᠤᠷᠤᠨ ᠳᠤ ᠨᠤᠲᠤᠭᠯᠠᠵᠠᠢ︾ ᠭᠡᠵᠦ ᠲᠡᠮᠳᠡᠭᠯᠡᠵᠦ ᠪᠠᠶᠢᠨ᠎ᠠ᠃       ᠪᠤᠰᠤᠳ ᠮᠤᠩᠭᠤᠯ ᠤᠨ ᠨᠡᠯᠢᠶᠡᠳ ᠲᠡᠦᠬᠡ᠂ ᠰᠤᠳᠤᠷ᠂ ᠲᠡᠮᠳᠡᠭᠯᠡᠯ᠂ ᠤᠷᠴᠢᠭᠤᠯᠭ᠎ᠠ ᠨᠤᠭᠤᠳ ᠲᠤ ᠴᠤ ᠡᠨᠡ ᠬᠦ ᠡᠷᠭᠦᠨ᠎ᠡ ᠬᠤᠨ ᠠᠴᠠ ᠪᠤᠷᠬᠠᠨ ᠬᠠᠯᠲᠤᠨ ᠠᠭᠤᠯᠠᠨ ᠳᠤ ᠨᠡᠭᠦᠭᠰᠡᠨ ᠲᠤᠬᠠᠢ ᠴᠦᠮ ᠠᠳᠠᠯᠢ ᠳᠤᠷᠠᠳᠴᠤ ᠪᠠᠶᠢᠨ᠎ᠠ᠃       ᠳᠡᠭᠡᠪᠡᠯ ︽ᠨᠢᠭᠤᠴᠠ ᠲᠤᠪᠴᠢᠶᠠᠨ︾ ᠳᠤ ᠭᠠᠷᠴᠤ ᠪᠠᠶᠢᠬᠤ ᠪᠦᠷᠳᠡ ᠴᠢᠨ᠋ᠸ᠎ᠠ ᠶᠢᠨ ᠭᠡᠲᠦᠯᠦᠭᠰᠡᠨ ᠲᠠᠩᠬᠢᠰ ᠨᠢ ᠴᠤᠬᠤᠮ ᠠᠯᠢ ᠪᠤᠯᠪᠠ︖ ᠤᠳᠤ ᠡᠷᠭᠦᠨ᠎ᠡ ᠠᠴᠠ ᠪᠤᠷᠬᠠᠨ ᠬᠠᠯᠲᠤᠨ ᠬᠦᠷᠬᠦ ᠵᠠᠮ ᠳᠡᠭᠡᠷᠡᠬᠢ ᠨᠠᠭᠤᠷ ᠨᠢ ᠬᠦᠯᠦᠨ ᠨᠠᠭᠤᠷ ᠬᠢᠭᠡᠳ ᠪᠤᠶᠢᠷ ᠨᠠᠭᠤᠷ ᠪᠤᠯᠤᠨ᠎ᠠ᠃ ᠭᠡᠪᠡᠴᠦ ︽ᠨᠢᠭᠤᠴᠠ ᠲᠤᠪᠴᠢᠶᠠᠨ︾ ᠳᠤ ᠲᠤᠰ ᠬᠤᠶᠠᠷ ᠨᠠᠭᠤᠷ ᠢ ᠨᠡᠷ᠎ᠡ ᠪᠠᠷ ᠨᠢ ᠲᠡᠮᠳᠡᠭᠯᠡᠵᠦ ᠪᠤᠢ᠃ ᠰᠠᠶᠢᠰᠢᠶᠠᠯ ᠤᠨ ︽ᠴᠢᠩᠬᠢᠰ ᠬᠠᠭᠠᠨ ᠤ ᠲᠤᠪᠴᠢᠶᠠᠨ︾ ᠤ 7 ᠳ᠋ᠤᠭᠠᠷ ᠨᠢᠭᠤᠷ ᠲᠤ ︽ᠪᠠᠷᠤᠭ ᠨᠡᠶᠢᠲᠡ ᠶᠢᠨ ᠤᠨ ᠲᠤᠭᠠᠯᠠᠯ ᠤᠨ ᠲᠤᠯᠤᠳᠤᠭᠠᠷ ᠵᠠᠭᠤᠨ ᠤ ᠦᠶ᠎ᠡ ᠳᠤ ᠮᠤᠩᠭᠤᠯ ᠠᠶᠢᠮᠠᠭ ᠤᠨ ᠬᠦᠮᠦᠰ ᠲᠡᠭᠦᠨ ᠤ ᠤᠳᠤᠷᠢᠳᠤᠭᠴᠢ ᠪᠦᠷᠳᠡ ᠴᠢᠨᠸ᠎ᠠ ᠶᠢᠨ ᠤᠳᠤᠷᠢᠳᠤᠯᠭ᠎ᠠ ᠳᠤᠤᠷ᠎ᠠ ᠬᠦᠯᠦᠨ ᠨᠠᠭᠤᠷ ᠢ ᠭᠡᠳᠦᠯᠦᠨ ᠪᠠᠷᠠᠭᠤᠨᠰᠢ ᠨᠡᠭᠦᠵᠦ᠂ ᠤᠳᠤ ᠶᠢᠨ ᠮᠤᠩᠭᠤᠯ ᠤᠨ ᠦᠨᠳᠦᠷᠯᠢᠭ ᠬᠡᠷᠦᠯᠦᠨ ᠭᠤᠤᠯ᠂ ᠤᠨᠤᠨ ᠮᠦᠷᠡᠨ ᠤ ᠰᠠᠪᠠ ᠭᠠᠵᠠᠷ ᠢᠶᠠᠷ ᠮᠠᠯᠵᠢᠨ ᠨᠤᠲᠤᠭᠯᠠᠵᠠᠢ︾ ᠭᠡᠵᠦ ᠪᠠᠶᠢᠨ᠎ᠠ᠃ ᠳᠡᠭᠡᠪᠡᠯ ᠬᠦᠯᠦᠨ ᠨᠠᠭᠤᠷ ᠨᠢ ᠲᠤᠯᠤᠳᠤᠭᠠᠷ ᠵᠠᠭᠤᠨ ᠳᠤ ᠴᠤᠬᠤᠮ ᠶᠠᠮᠠᠷᠰᠢᠦ ᠬᠡᠮᠵᠢᠶ᠎ᠡ ᠲᠠᠢ ᠪᠠᠶᠢᠪᠠ︖ ᠶᠠᠭᠤᠨ ᠳᠤ ︽ᠨᠢᠭᠤᠴᠠ ᠲᠤᠪᠴᠢᠶᠠᠨ︾ ᠤ ᠡᠬᠢᠨ ᠳᠤ ᠪᠦᠷᠳᠡ ᠴᠢᠨ᠋ᠸ᠎ᠠ ᠨᠠᠷ ᠢ ᠭᠡᠲᠦᠯᠬᠦ ᠦᠶᠡᠰ ᠲᠤ ᠲᠠᠩᠬᠢᠰ ᠭᠡᠲᠦᠯᠵᠦ ᠭᠡᠵᠦ ᠪᠢᠴᠢᠭᠰᠡᠨ ᠪᠠᠶᠢᠲᠠᠯ᠎ᠠ ᠬᠤᠶᠢᠰᠢᠳᠠ ᠬᠦᠯᠦᠨ᠂ ᠪᠤᠶᠢᠷ ᠬᠤᠶᠠᠷ ᠨᠠᠭᠤᠷ ᠨᠢ ᠲᠤᠰ ᠲᠤᠰ ᠤᠨ ᠨᠡᠷ᠎ᠡ ᠪᠠᠷ ᠢᠶᠠᠨ ︽ᠨᠢᠭᠤᠴᠠ ᠲᠤᠪᠴᠢᠶᠠᠨ︾ ᠳᠤ ᠲᠡᠮᠳᠡᠭᠯᠡᠭᠳᠡᠭᠰᠡᠨ ᠪᠤᠢ︖      ᠡᠭᠦᠨ ᠤ ᠲᠤᠬᠠᠢ ︽ᠮᠤᠩᠭᠤᠯ ᠤᠨ ᠨᠢᠭᠤᠴᠠ ᠲᠤᠪᠴᠢᠶᠠᠨ︾ ᠪᠠ ᠪᠤᠰᠤᠳ ᠮᠤᠩᠭᠤᠯ ᠲᠡᠦᠬᠡᠨ ᠪᠢᠴᠢᠭ ᠤᠳ ᠢ ᠤᠩᠰᠢᠭᠠᠳ ᠠᠩᠬᠠᠷᠤᠨ ᠠᠵᠢᠭᠯᠠᠵᠤ᠂ ᠲᠤᠤᠷᠠᠬᠢ ᠮᠡᠲᠦ ᠤᠶᠢᠯᠠᠭᠠᠭᠰᠠᠨ ᠢᠶᠠᠨ ᠲᠡᠮᠳᠡᠭᠯᠡᠵᠦ᠂ ︽ᠨᠢᠭᠤᠴᠠ ᠲᠤᠪᠴᠢᠶᠠᠨ︾ ᠤ ᠰᠤᠳᠤᠯᠤᠭᠴᠢᠳ ᠤᠨ ᠠᠩᠬᠠᠷᠤᠯ ᠳᠤ ᠳᠡᠪᠰᠢᠬᠦᠯᠦᠶ᠎ᠡ᠄      1. ᠤᠳᠤ ᠶᠢᠨ ᠬᠦᠯᠦᠨ ᠨᠠᠭᠤᠷ ᠠᠴᠠ ᠵᠡᠭᠦᠨ ᠬᠤᠶᠢᠰᠢ ᠬᠤᠯᠪᠤᠭ᠎ᠠ ᠠᠭᠤᠯᠠ ᠶᠢᠨ ᠡᠩᠭᠡᠷ ᠠᠴᠠ ᠡᠬᠢᠯᠡᠨ᠂ ᠪᠠᠶᠠᠨ ᠴᠠᠭᠠᠨ ᠠᠭᠤᠯᠠ ᠶᠢᠨ ᠡᠩᠭᠡᠷ ᠢᠶᠠᠷ ᠳᠠᠭᠠᠷᠢᠨ᠂ ᠰᠢᠨ᠎ᠡ ᠳᠠᠯᠠᠢ ᠶᠢᠨ ᠵᠡᠭᠦᠨ ᠪᠡᠶ᠎ᠡ᠂ ᠤᠷᠤᠭᠰᠢ ᠡᠯᠡᠰᠦᠨ ᠠᠭᠤᠯᠠ᠂ ᠭᠠᠨᠵᠤᠤᠷ ᠤᠨ ᠲᠡᠭᠲᠦ᠂ ᠠᠮᠤᠭᠤᠯᠠᠩ᠂ ᠡᠪᠦᠳᠦᠭ ᠪᠤᠯᠠᠭ᠂ ᠪᠤᠬ᠎ᠠ ᠶᠢᠨ ᠲᠠᠯ᠎ᠠ ᠪᠠᠷ ᠬᠠᠯᠬ᠎ᠠ ᠭᠤᠤᠯ ᠤᠨ ᠲᠡᠭᠡᠲᠦ ᠬᠦᠨᠲᠡᠢ ᠬᠦᠷᠲᠡᠯ᠎ᠡ ᠦᠷᠭᠦᠯᠵᠢᠯᠡᠳᠡᠭ ᠦᠷᠭᠡᠨ ᠠᠭᠤᠳᠠᠮ ᠲᠠᠯ᠎ᠠ ᠬᠤᠭᠤᠯᠠᠢ ᠨᠤᠲᠤᠭ᠂ ᠦᠭᠡᠷ᠎ᠡ ᠪᠠᠷ ᠬᠡᠯᠡᠪᠡᠯ᠂ ᠰᠢᠨ᠎ᠡ ᠪᠠᠷᠭᠤ ᠵᠡᠭᠦᠨ ᠬᠤᠰᠢᠭᠤᠨ ᠤ ᠵᠢᠪᠬᠤᠯᠠᠩᠲᠤ ᠰᠤᠮᠤ᠂ ᠤᠤᠯ ᠤᠨ ᠠᠮᠤᠭᠤᠯᠠᠩᠪᠤᠯᠠᠭ ︵ᠭᠠᠨᠵᠤᠤᠷ︶ ᠰᠤᠮᠤ᠂ ᠪᠠᠶᠠᠨᠲᠠᠯ᠎ᠠ ᠰᠤᠮᠤᠨ ᠤ ᠪᠦᠬᠦ ᠨᠤᠲᠤᠭ ᠢ ᠪᠠᠭᠲᠠᠭᠠᠭᠰᠠᠨ ᠭᠠᠵᠠᠷ ᠤᠷᠤᠨ ᠨᠢ ᠤᠤᠯ ᠲᠠᠭᠠᠨ ᠤᠰᠤ ᠪᠠᠶᠢᠭᠰᠠᠨ ᠤᠷᠤ ᠮᠦᠷ ᠤᠳᠤ ᠪᠤᠯᠲᠠᠯ᠎ᠠ ᠢᠯᠡᠷᠬᠡᠢ᠃ ᠲᠤᠰ ᠭᠠᠵᠠᠷ ᠠᠴᠠ ᠤᠳᠤ ᠪᠤᠯᠲᠠᠯ᠎ᠠ ᠳᠠᠯᠠᠢ ᠶᠢᠨ ᠢᠷᠤᠭᠠᠷ ᠤᠨ ᠬᠠᠶᠢᠷ ᠴᠢᠯᠠᠭᠤ ᠬᠢᠭᠡᠳ ᠳᠤᠩ᠂ ᠲᠠᠬᠠᠷᠠᠢ ᠵᠡᠷᠭᠡ ᠳᠠᠯᠠᠢ ᠶᠢᠨ ᠠᠮᠢᠳᠤ ᠪᠤᠳᠠᠰ ᠤᠨ ᠬᠠᠯᠢᠰᠤ ᠤᠯᠳᠠᠳᠠᠭ ᠪᠠᠶᠢᠯ᠎ᠠ᠃ ᠪᠠᠰᠠ ᠳᠡᠭᠡᠷ᠎ᠡ ᠵᠠᠭᠤᠨ ᠤ ᠲᠠᠪᠢᠭᠠᠳ ᠤᠨ ᠠᠴᠠ ᠨᠠᠭᠠᠰᠢ ᠵᠢᠪᠬᠤᠯᠠᠩᠲᠤ ᠰᠤᠮᠤᠨ ᠤ ᠨᠤᠲᠤᠭ ᠲᠤ ᠬᠦᠯᠦᠨ ᠨᠠᠭᠤᠷ ᠶᠡᠬᠡᠰᠴᠦ ᠰᠢᠨ᠎ᠡ ᠳᠠᠯᠠᠢ ᠭᠡᠵᠦ ᠵᠡᠭᠦᠨᠰᠢ ᠲᠦᠷᠢᠵᠦ ᠭᠠᠷᠴᠤ ᠬᠡᠳᠦ ᠤᠳᠠᠭ᠎ᠠ ᠬᠠᠲᠠᠵᠤ ᠂ ᠬᠡᠳᠦ ᠤᠳᠠᠭ᠎ᠠ ᠶᠡᠬᠡᠰᠴᠦ ᠤᠷᠴᠢᠮ ᠤᠨ ᠬᠡᠳᠦᠨ ᠵᠢᠯ ᠤᠨ ᠭᠠᠩᠳᠠᠬᠤ ᠶᠢᠨ ᠳᠠᠭᠠᠤ ᠳᠤ ᠡᠷᠭᠢᠭᠡᠳ ᠬᠠᠲᠠᠵᠤ ᠰᠢᠷᠭᠢᠭᠰᠡᠨ ᠪᠠᠶᠢᠨ᠎ᠠ᠃        2. ᠤᠳᠤ ᠶᠢᠨ ᠢᠨᠲ᠋ᠧᠷ ᠰᠦᠯᠵᠢᠶ᠎ᠡ ᠳᠠᠬᠢ ᠳᠠᠭᠠᠭᠤᠯᠢ ᠤᠳᠤ ᠪᠠᠷ ᠰᠡᠬᠦᠳᠡᠷᠯᠡᠭᠰᠡᠨ ᠰᠢᠨ᠎ᠡ ᠪᠠᠷᠭᠤ ᠵᠡᠭᠦᠨ ᠬᠤᠰᠢᠭᠤᠨ ᠤ ᠭᠠᠵᠠᠷ ᠤᠨ ᠵᠢᠷᠤᠭ ᠲᠤ ᠲᠤᠰ ᠭᠠᠵᠠᠷ ᠤᠷᠤᠨ ᠨᠢ ᠳᠠᠯᠠᠢ ᠲᠠᠩᠬᠢᠰ ᠪᠠᠶᠢᠭᠰᠠᠨ ᠤᠷᠤ ᠮᠦᠷ ᠲᠤᠳᠤᠷᠬᠠᠢ ᠦᠵᠡᠭᠳᠡᠵᠦ ᠪᠠᠶᠢᠨ᠎ᠠ᠃ ᠲᠤᠯᠤᠭ᠎ᠠ ᠨᠡᠢᠮᠠᠳᠤᠭᠠᠷ ᠵᠠᠭᠤᠨ ᠤ ᠦᠶᠡᠰ ᠲᠤ ᠪᠤᠶᠤ ᠲᠡᠭᠦᠨ ᠠᠴᠠ ᠨᠡᠩ ᠡᠷᠲᠡ ᠬᠤᠷ᠎ᠠ ᠪᠤᠷᠤᠭᠠᠨ ᠡᠯᠪᠡᠭ ᠪᠠᠶᠢᠵᠤ᠂ ᠬᠦᠯᠦᠨ ᠨᠠᠭᠤᠷ ᠨᠢ ᠵᠡᠭᠦᠨᠰᠢ ᠰᠢᠨ᠎ᠡ ᠳᠠᠯᠠᠢ ᠪᠠᠷ ᠭᠠᠷᠤᠭᠠᠳ᠂ ᠤᠷᠤᠭᠰᠢ ᠬᠤᠶᠢᠰᠢ ᠤᠷᠲᠤᠯᠵᠢᠯᠠᠨ ᠰᠤᠨᠤᠵᠤ᠂ ᠳᠡᠭᠡᠷ᠎ᠡ ᠳᠤᠷᠠᠳᠤᠭᠰᠠᠨ ᠭᠠᠵᠠᠷ ᠤᠷᠤᠨ ᠨᠤᠭᠤᠳ ᠢ ᠬᠠᠮᠤᠷᠤᠭᠰᠠᠨ ᠶᠡᠭᠡ ᠲᠡᠩᠬᠢᠰ ᠪᠠᠶᠢᠭᠰᠠᠨ ᠨᠢ ᠢᠯᠡᠷᠬᠡᠢ᠃ ᠢᠢᠮᠦ ᠠᠴᠠ ᠲᠤᠬᠠᠢ ᠶᠢᠨ ᠦᠶ᠎ᠡ ᠳᠤ ᠨᠡᠭᠦᠳᠡᠯᠯᠡᠨ ᠶᠠᠪᠤᠭ᠎ᠠ ᠪᠦᠷᠳᠡ ᠴᠢᠨ᠋ᠸ᠎ᠠ ᠬᠤᠸᠠ ᠮᠠᠷᠠᠯ ᠨᠠᠷ ᠤᠨ ᠳᠠᠭᠠᠭᠤᠯᠤᠭᠰᠠᠨ ᠮᠤᠩᠴᠤᠳ ᠡᠷᠭᠦᠨ᠎ᠡ ᠬᠤᠨ ᠠᠴᠠ ᠪᠤᠷᠬᠠᠨ ᠬᠠᠯᠲᠤᠨ ᠦᠭᠡᠳᠡ ᠨᠡᠭᠦᠬᠦ ᠵᠠᠮ ᠢ ᠲᠤᠰ ᠲᠠᠩᠬᠢᠰ ᠬᠠᠰᠢᠵᠤ᠂ ᠬᠡᠲᠦᠯᠬᠦ ᠶᠠᠪᠤᠴᠠ ᠳᠤ ᠮᠠᠰᠢ ᠬᠦᠴᠢᠷ ᠤᠴᠠᠷᠠᠭᠤᠯᠤᠭᠰᠠᠨ ᠨᠢ ᠮᠠᠭᠠᠳ᠃ ᠲᠠᠳᠠ ᠨᠠᠷ ᠲᠤᠬᠠᠢ ᠶᠢᠨ ᠦᠶᠡᠰ ᠲᠤ ᠤᠩᠭᠤᠴᠠ ᠰᠠᠯ ᠢᠶᠠᠷ ᠪᠤᠰᠤ᠂ ᠬᠠᠷᠢᠨ ᠲᠤᠰ ᠲᠠᠩᠬᠢᠰ ᠤᠨ ᠭᠦᠶᠦᠬᠡᠨ ᠭᠠᠵᠠᠷ ᠪᠠ ᠦᠨᠳᠦᠷᠯᠢᠭ ᠳᠠᠯᠠᠩ ᠭᠠᠵᠠᠷ ᠤᠳ ᠢ ᠳᠠᠮᠵᠢᠨ ᠬᠦᠯ ᠢᠶᠠᠷ ᠨᠡᠭᠦᠳᠡᠯᠯᠡᠨ ᠭᠡᠲᠦᠯᠵᠦ᠂ ᠬᠡᠷᠦᠯᠦᠨ ᠮᠦᠷᠡᠨ ᠢ ᠬᠦᠪᠡᠭᠡᠯᠡᠨ ᠦᠭᠰᠦᠵᠦ᠂ ᠬᠡᠨᠲᠡᠢ ᠠᠭᠤᠯᠠ ᠪᠤᠷᠬᠠᠨ ᠬᠠᠯᠲᠤᠨ ᠳᠤ ᠬᠦᠷᠴᠦ ᠨᠤᠲᠤᠭᠯᠠᠭᠰᠠᠨ ᠪᠤᠯᠤᠯᠲᠠᠢ ᠭᠡᠵᠦ ᠦᠵᠡᠯᠲᠡᠢ᠃       ᠬᠤᠶᠠᠷ᠂ ︽ᠮᠠᠤ ᠦᠨᠳᠦᠷ ᠤᠨ ᠪᠠᠶᠢᠯᠳᠤᠭᠠᠨ︾ ᠤ ᠮᠠᠤ ᠦᠨᠳᠦᠷ ᠬᠢᠭᠡᠳ ᠬᠠᠷ᠎ᠠ ᠬᠠᠯᠵᠠᠨ ᠡᠯᠡᠳ ︵ᠡᠯᠡᠰᠦ︶               ᠪᠠᠶᠠᠷ ᠤᠨ ᠪᠠᠭᠤᠯᠭᠠᠭᠰᠠᠨ ︽ᠮᠤᠩᠭᠤᠯ ᠤᠨ ᠨᠢᠭᠤᠴᠠ ᠲᠤᠪᠴᠢᠶᠠᠨ︾ ᠤ ᠵᠢᠷᠭᠤᠳᠤᠭᠠᠷ ᠪᠤᠲᠢ ᠶᠢᠨ 627 - 630 ᠳ᠋ᠤᠭᠠᠷ ᠨᠢᠭᠤᠷ ᠲᠤ᠄       ︽᠁ ᠳᠠᠶᠢᠨ ᠦᠬᠦᠯᠡᠭᠳᠡᠵᠦ᠂ ᠴᠢᠩᠬᠢᠰ ᠬᠠᠭᠠᠨ᠂ ᠪᠠᠳᠠᠢ᠂ ᠭᠢᠰᠢᠯᠢᠭ ᠬᠤᠶᠠᠷ ᠤᠨ ᠦᠭᠡᠰ ᠪᠢᠰᠢᠷᠡᠵᠦ᠂ ᠰᠦᠨᠢ ᠪᠦᠭᠡᠳ ᠳᠡᠷᠭᠡᠳᠡᠭᠦᠨ ᠪᠦᠬᠦᠨ ᠢᠲᠡᠭᠡᠯᠳᠡᠨ᠎ᠡ ᠬᠡᠯᠡᠨ ᠬᠢᠭᠡᠳ᠂ ᠬᠦᠩᠬᠡᠯᠡᠨ ᠶᠠᠭᠤᠭᠡ ᠪᠠᠨ ᠬᠡᠬᠡᠭᠡᠳ ᠪᠤᠷᠤᠭᠤᠶᠢᠯᠠᠨ ᠰᠦᠨᠢ ᠪᠦᠭᠡᠳ ᠬᠦᠳᠡᠯᠪᠡᠢ᠃ ᠮᠠᠤ ᠦᠨᠳᠦᠷ ᠤᠨ ᠬᠡᠷᠦ ᠪᠠᠷ ᠬᠦᠳᠡᠯᠦᠷᠦᠨ᠂ ᠮᠠᠤ ᠦᠨᠳᠦᠷ ᠤᠨ ᠬᠡᠷᠦ ᠳᠤ ᠤᠷᠢᠶᠠᠩᠬᠠᠳᠠᠢ ᠵᠠᠯᠮ᠎ᠠ ᠭᠤᠸ᠎ᠠ ᠶᠢ ᠢᠲᠡᠭᠡᠵᠦ᠂ ᠬᠤᠶᠢᠨ᠎ᠠ ᠪᠠᠨ ᠴᠠᠭᠳᠠᠭᠤᠯᠰᠤᠨ ᠪᠤᠯᠭᠠᠨ ᠬᠠᠷᠠᠭᠤᠯᠰᠤᠨ ᠲᠠᠯᠪᠢᠵᠤ ᠬᠦᠳᠡᠯᠵᠦ᠂ ᠲᠡᠷᠡ ᠬᠦᠳᠡᠯᠦᠭᠰᠡᠭᠡᠷ ᠮᠠᠨᠠᠭᠠᠷᠰᠢ ᠡᠳᠦᠷ ᠳᠦᠯᠢ ᠨᠠᠷᠠ ᠬᠡᠯᠪᠡᠷᠢᠭᠦᠯᠦᠨ ᠬᠠᠷ᠎ᠠ ᠬᠠᠯᠵᠠᠨ ᠡᠯᠡᠰᠦ ᠬᠦᠷᠴᠦ ᠦᠳᠡᠯᠡᠨ ᠪᠠᠭᠤᠪᠠ᠃ ᠦᠳᠡᠯᠡᠵᠦ ᠪᠦᠬᠦᠢ ᠲᠤᠷ ᠠᠯᠴᠢᠲᠠᠢ ᠶᠢᠨ ᠠᠭᠲᠠᠰ ᠠᠳᠤᠭᠤᠯᠠᠭᠤᠯᠰᠤᠨ ᠴᠢᠬᠢᠲᠡᠢ᠂ ᠶᠠᠳᠢᠷ ᠵᠦᠢᠯ ᠵᠦᠢᠯ ᠤᠨ ᠨᠤᠭᠤᠭᠠᠨ ᠲᠤᠷ ᠠᠭᠲᠠᠰ ᠠᠳᠤᠭᠤᠯᠠᠨ ᠶᠠᠪᠤᠬᠤᠢ ᠲᠤᠷ ᠬᠤᠶᠢᠨ᠎ᠠ ᠠᠴᠠ ᠮᠠᠤ ᠦᠨᠳᠦᠷ ᠤᠨ ᠦᠪᠦᠷ ᠢᠶᠠᠷ ᠤᠯᠠᠭᠠᠨ ᠪᠤᠷᠭᠠᠳ ᠳᠠᠭᠠᠷᠢᠨ ᠠᠶᠢᠰᠤᠬᠤᠢ ᠳᠠᠶᠢᠨ ᠤ ᠲᠤᠭᠤᠰᠤᠨ ᠢ ᠦᠵᠡᠵᠦ᠂ ︿ᠳᠠᠶᠢᠨ ᠬᠦᠷᠪᠡᠢ﹀ ᠬᠡᠮᠡᠵᠦ ᠠᠭᠲᠠᠰ ᠢᠶᠠᠨ ᠦᠯᠳᠡᠭᠡᠳ ᠢᠷᠡᠵᠦ᠂ ︿ᠳᠠᠶᠢᠨ ᠬᠦᠷᠪᠡᠢ﹀ ᠭᠡᠮᠡᠭᠳᠡᠵᠦ ᠦᠵᠡᠪᠡᠰᠦ ᠮᠠᠤ ᠦᠨᠳᠦᠷ ᠤᠨ ᠦᠪᠦᠷ ᠢᠶᠠᠷ ᠤᠯᠠᠭᠠᠨ ᠪᠤᠷᠭᠠᠳ ᠳᠠᠭᠠᠷᠢᠨ ᠲᠤᠭᠤᠰᠤᠨ ᠭᠠᠷᠭᠠᠵᠤ᠂ ︿ᠸᠠᠩ ᠬᠠᠨ ᠲᠡᠷᠡ ᠨᠡᠭᠡᠵᠦ ᠠᠶᠢᠰᠤᠨ ᠠᠵᠤᠬᠤᠢ﹀ ᠬᠡᠮᠡᠵᠦ᠂ ᠲᠡᠨᠳᠡ ᠠᠴᠠ ᠴᠢᠩᠬᠢᠰ ᠬᠠᠭᠠᠨ ᠲᠤᠭᠤᠰᠤᠨ ᠦᠵᠡᠭᠡᠳ ᠠᠭᠲᠠᠰ ᠢᠶᠠᠨ ᠪᠠᠷᠢᠭᠤᠯᠤᠭᠠᠳ ᠠᠴᠢᠶᠠᠯᠠᠵᠤ ᠮᠤᠷᠢᠯᠠᠪᠠᠢ︾ ᠭᠡᠵᠡᠢ᠃      ᠰᠠᠶᠢᠰᠢᠶᠠᠯ ᠤᠨ ︽ᠴᠢᠩᠬᠢᠰ ᠬᠠᠭᠠᠨ ᠤ ᠲᠤᠪᠴᠢᠶᠠᠨ︾ ᠭᠡᠬᠦ ᠨᠤᠮ ᠳᠤ ︽ᠡᠨᠡ ᠤᠳᠠᠭᠠᠨ ᠤ ᠪᠠᠶᠢᠯᠳᠤᠭᠠᠨ ᠢ ᠮᠠᠤ ᠦᠨᠳᠦᠷ ᠭᠡᠳᠡᠭ ᠭᠠᠵᠠᠷ ᠬᠢᠭᠰᠡᠨ ᠪᠤᠯᠬᠤᠷ ︿ᠮᠠᠤ ᠦᠨᠳᠦᠷ ᠤᠨ ᠪᠠᠶᠢᠯᠳᠤᠭᠠᠨ﹀ ᠭᠡᠳᠡᠭ ᠪᠢᠯᠡ᠃ ᠭᠡᠲᠡᠯ᠎ᠡ ᠵᠠᠷᠢᠮ ᠨᠤᠮ ᠪᠢᠴᠢᠭ ᠲᠤ ︿ᠬᠠᠷ᠎ᠠ ᠬᠠᠯᠵᠠᠨ ᠡᠯᠡᠰᠦᠨ ᠤ ᠪᠠᠶᠢᠯᠳᠤᠭᠠᠨ﹀ ᠭᠡᠳᠡᠭ᠃ ᠯᠢ ᠽᠧ ᠪᠢᠨ ᠠᠪᠤᠭᠠᠢ ᠶᠢᠨ ᠨᠤᠮ ᠳᠤ ︿ᠬᠠᠨ ᠠᠭᠤᠯᠠ ᠶᠢᠨ ᠪᠠᠶᠢᠯᠳᠤᠭᠠᠨ﹀ ᠭᠡᠰᠡᠨ ᠪᠦᠭᠡᠳ ᠲᠡᠭᠦᠨ ᠤ ᠪᠠᠶᠢᠷᠢ ᠶᠢ ᠬᠦᠯᠦᠨ ᠨᠠᠭᠤᠷ ᠠᠴᠠ ᠬᠤᠶᠢᠰᠢ ᠪᠠᠶᠢᠬᠤ ᠪᠠᠷ ᠵᠢᠱᠢᠵᠡᠢ᠃ ᠡᠨᠡ ᠨᠢ ᠮᠠᠨ ᠤ ᠵᠢᠱᠢᠯᠲᠡ ᠲᠠᠢ ᠨᠡᠯᠢᠶᠡᠳ ᠵᠦᠷᠢᠵᠦ ᠪᠠᠶᠢᠨ᠎ᠠ︾ ︵358 ᠳ᠋ᠤᠭᠠᠷ ᠨᠢᠭᠤᠷ᠂ ᠲᠠᠶᠢᠯᠪᠤᠷᠢ 70︶ ᠭᠡᠵᠦ ᠲᠡᠮᠳᠡᠭᠯᠡᠵᠦ ᠪᠠᠶᠢᠨ᠎ᠠ᠃ ᠪᠠᠰᠠ ︽︿ᠮᠠᠤ ᠦᠨᠳᠦᠷ﹀ ᠡᠭᠦᠨ ᠢ ︿ᠬᠠᠯᠬ᠎ᠠ᠂ ᠨᠦᠮᠦᠷᠭᠡ ᠬᠤᠶᠠᠷ ᠭᠤᠤᠯ ᠤᠨ ᠤᠶᠢᠷ᠎ᠠ ᠪᠠᠶᠢᠵᠠᠢ﹀ ᠭᠡᠵᠦ ᠭᠦ᠊ · ᠫᠧᠷᠯᠡᠢ ᠲᠡᠮᠳᠡᠭᠯᠡᠭᠰᠡᠨ ᠨᠢ ᠨᠡᠶᠢᠲᠡ ᠪᠠᠶᠢᠳᠠᠯ ᠳᠤ ᠲᠤᠬᠢᠷᠠᠵᠤ ᠪᠠᠶᠢᠬᠤ ᠮᠡᠲᠦ᠂ ︿ ᠲᠤ ᠵᠢᠢ ᠶᠢᠨ ᠲᠡᠮᠳᠡᠭᠯᠡᠯ﹀ ᠳᠤ ︿ᠦᠪᠦᠷ ᠮᠤᠩᠭᠤᠯ ᠤᠨ ᠬᠡᠰᠢᠭᠲᠡᠨ ᠬᠤᠰᠢᠭᠤᠨ ᠠᠴᠠ ᠪᠠᠷᠠᠭᠤᠨ ᠡᠮᠦᠨᠡᠰᠢ ᠳᠦᠴᠢᠨ ᠭᠤᠷᠪᠠᠨ ᠭᠠᠵᠠᠷ ᠲᠤ ᠪᠦᠬᠦᠢ 漠海恩都尔 ᠪᠤᠯ ᠡᠨᠡ ᠤᠳᠠᠭᠠᠨ ᠤ ᠪᠠᠶᠢᠯᠳᠤᠭᠠᠨ ᠤ ᠲᠠᠯᠠᠪᠤᠷ ︿ᠮᠠᠤ ᠦᠨᠳᠦᠷ﹀ ᠮᠦᠨ ᠪᠦᠭᠡᠳ ᠨᠠᠶᠠᠨ ᠬᠤᠶᠠᠷ ᠭᠠᠵᠠᠷ ᠪᠦᠬᠦᠢ 乌兰布通 ᠪᠤᠯ ︿ᠤᠯᠠᠭᠠᠨ ᠪᠤᠷᠭᠠᠳ﹀ ᠮᠦᠨ﹀ ᠭᠡᠵᠡᠢ᠃ ᠡᠨᠡ ᠭᠠᠵᠠᠷ ᠪᠤᠯ ᠲᠤᠬᠠᠢ ᠶᠢᠨ ᠦᠶ᠎ᠡ ᠳᠤ ᠠᠯᠲᠠᠨ ᠤᠯᠤᠰ ᠤᠨ ᠬᠢᠯᠢ ᠲᠤᠳᠤᠷ᠎ᠠ ᠪᠠᠶᠢᠭᠰᠠᠨ ᠲᠤᠯᠠ ᠲᠤ ᠵᠢᠢ ᠶᠢᠨ ᠡᠨᠡ ᠲᠠᠶᠢᠯᠪᠤᠷᠢ ᠪᠤᠳᠠᠲᠠᠢ ᠪᠠᠶᠢᠳᠠᠯ ᠠᠴᠠ ᠨᠡᠯᠢᠶᠡᠳ ᠵᠦᠷᠢᠶᠡᠨᠲᠡᠢ ᠪᠠᠶᠢᠨ᠎ᠠ᠃ ᠤᠴᠢᠷ ᠨᠢ ᠴᠢᠩᠬᠢᠰ ᠬᠠᠭᠠᠨ ︿ᠮᠠᠤ ᠦᠨᠳᠦᠷ ᠤᠨ ᠪᠠᠶᠢᠯᠳᠤᠭᠠᠨ ﹀ ᠤ ᠳᠠᠷᠠᠭ᠎ᠠ ᠬᠠᠯᠬ᠎ᠠ ᠭᠤᠤᠯ ᠳᠠᠭᠠᠤ ᠠᠪᠠ ᠲᠠᠯᠪᠢᠨ ᠡᠮᠦᠨ᠎ᠡ ᠠᠴᠠ ᠬᠤᠶᠢᠰᠢ ᠶᠠᠪᠤᠭᠰᠠᠨ ᠶᠤᠮ ᠭᠡᠵᠦ ᠲᠡᠮᠳᠡᠭᠯᠡᠵᠦ ᠪᠤᠢ᠃ ︿ᠬᠠᠷ᠎ᠠ ᠬᠠᠯᠵᠠᠨ ᠡᠯᠡᠰᠦ﹀ ᠬᠠᠯᠬ᠎ᠠ ᠨᠦᠮᠦᠷᠭᠡ ᠶᠢᠨ ᠭᠤᠤᠯ ᠠᠴᠠ ᠳᠤᠷᠤᠭᠰᠢ ︿ᠤᠷᠠᠨ ᠡᠯᠡᠰᠦ﹀᠂ ︿ᠤᠳᠠᠷᠠᠶᠢᠲᠤ ᠡᠯᠡᠰᠦ﹀᠂ ︿ᠮᠦᠢᠯᠲᠤ ᠡᠯᠡᠰᠦ﹀ ᠭᠡᠵᠦ ᠤᠯᠠᠨ ᠡᠯᠡᠰᠦ ᠪᠠᠶᠢᠳᠠᠭ ᠭᠡᠯ᠎ᠡ᠂ ᠲᠡᠶᠢᠮᠦ ᠠᠴᠠ ᠡᠷᠲᠡᠨ ᠤ ᠬᠠᠷ᠎ᠠ ᠬᠠᠯᠵᠠᠨ ᠡᠯᠡᠰᠦ ᠴᠤ ᠲᠡᠷᠡ ᠬᠠᠪᠢ ᠳᠤ ᠪᠠᠶᠢᠭᠰᠠᠨ ᠶᠤᠰᠤᠲᠠᠢ ᠭᠡᠪᠡ᠃ ︿ᠤᠯᠠᠭᠠᠨ ᠪᠤᠷᠭᠠᠳ﹀ ᠡᠨᠡ ᠬᠦ ᠭᠠᠵᠠᠷ ᠨᠢ ᠬᠠᠯᠬ᠎ᠠ᠂ ᠨᠦᠮᠦᠷᠭᠡ ᠶᠢᠨ ᠭᠤᠤᠯ ᠠᠴᠠ ᠤᠶᠢᠷ᠎ᠠ ᠪᠠᠶᠢᠵᠠᠢ︾ ︵361 ᠳ᠋ᠤᠭᠠᠷ ᠨᠢᠭᠤᠷ᠂ ᠲᠠᠶᠢᠯᠪᠤᠷᠢ 73︶ ᠭᠡᠵᠦ ᠲᠡᠮᠳᠡᠭᠯᠡᠵᠡᠢ᠃       ᠡᠭᠦᠨ ᠠᠴᠠ ᠦᠭᠡᠷ᠎ᠡ ᠪᠠᠰᠠ ᠡᠷᠲᠡᠮᠲᠡᠨ ᠰᠤᠳᠤᠯᠤᠭᠴᠢᠳ ᠤᠨ ᠶᠠᠩᠵᠤ ᠪᠦᠷᠢ ᠶᠢᠨ ︽ᠮᠠᠤ ᠦᠨᠳᠦᠷ ᠤᠨ ᠪᠠᠶᠢᠯᠳᠤᠭᠠᠨ ᠤ ᠲᠠᠯᠠᠪᠤᠷ ᠤᠨ ᠲᠤᠬᠠᠢ ᠠᠳᠠᠯᠢ ᠪᠤᠰᠤ ᠦᠵᠡᠯᠲᠡ ᠪᠠᠶᠢᠬᠤ ᠪᠤᠯᠪᠠᠴᠤ ︽ᠮᠠᠤ ᠦᠨᠳᠦᠷ ᠤᠨ ᠪᠠᠶᠢᠯᠳᠤᠭᠠᠨ︾ ᠬᠢᠭᠡᠳ ︽ᠬᠠᠷ᠎ᠠ ᠬᠠᠯᠵᠠᠨ ᠡᠯᠡᠰᠦᠨ ᠤ ᠪᠠᠶᠢᠯᠳᠤᠭᠠᠨ︾ ᠨᠢ ᠬᠡᠷᠡᠭ ᠳᠡᠭᠡᠷ᠎ᠡ ᠪᠠᠨ ᠨᠢᠭᠡ ᠳᠠᠶᠢᠨ ᠪᠤᠯᠬᠤ ᠪᠦᠭᠡᠳ ᠲᠡᠷᠡ ᠨᠢ ᠸᠠᠩ ᠬᠠᠨ ᠬᠢᠭᠡᠳ ᠴᠢᠩᠬᠢᠰ ᠬᠠᠭᠠᠨ ᠤ ᠬᠤᠭᠤᠷᠤᠨᠳᠤᠬᠢ ᠠᠩᠬᠠᠨ ᠤ ᠲᠤᠯᠤᠯᠳᠤᠭᠠᠨ ᠪᠤᠯᠬᠤ ᠨᠢ ᠲᠤᠳᠤᠷᠬᠠᠢ ᠪᠠᠶᠢᠨ᠎ᠠ᠃       ᠤᠳᠤ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠦᠪᠦᠷᠪᠤᠯᠠᠭ ᠰᠤᠮᠤᠨ ᠤ ᠨᠤᠲᠤᠭ ᠲᠠᠬᠢ ︽ᠮᠤᠭᠠᠢ ᠶᠢᠨ ᠪᠤᠭᠳᠠ ᠠᠭᠤᠯᠠ︾ ᠶᠢ ᠤᠤᠯ ᠨᠢ ︽ᠮᠠᠤ ᠦᠨᠳᠦᠷ︾ ᠭᠡᠳᠡᠭ ᠨᠡᠷ᠎ᠡ ᠲᠠᠢ ᠪᠠᠶᠢᠭᠰᠠᠨ ᠢ ᠤᠳᠤ ᠪᠤᠯᠲᠠᠯ᠎ᠠ ᠨᠤᠲᠤᠭ ᠤᠨ ᠨᠠᠰᠤᠲᠠᠶᠢᠴᠦᠦᠯ ᠠᠴᠠ ᠮᠡᠳᠡᠬᠦ ᠬᠦᠮᠦᠰ ᠨᠡᠯᠢᠶᠡᠳ ᠪᠤᠢ᠃ ᠮᠦᠨ ᠴᠤ ᠨᠤᠲᠤᠭ ᠤᠨ ᠮᠠᠯᠴᠢᠳ ︽ᠪᠤᠭᠲᠠ ᠬᠠᠨ ᠠᠭᠤᠯᠠ︾ ᠬᠡᠮᠡᠨ ᠤᠳᠤ ᠪᠤᠯᠲᠠᠯ᠎ᠠ ᠤᠤᠯ ᠤᠨ ᠰᠢᠨ᠎ᠡ ᠪᠠᠷᠭᠤ ᠵᠡᠭᠦᠨ ᠭᠠᠷᠤᠨ ᠰᠢᠯᠤᠭᠤᠨ ᠬᠦᠬᠡ ᠬᠤᠰᠢᠭᠤᠨ ᠤ ᠠᠷᠠᠳ ᠢᠷᠭᠡᠳ ᠭᠤᠤᠯᠳᠠᠭᠤ ᠰᠢᠲᠦᠨ ᠲᠠᠬᠢᠵᠤ ᠪᠠᠶᠢᠳᠠᠭ᠃ ︽ ᠲᠤ ᠵᠢᠢ ᠶᠢᠨ ᠲᠡᠮᠳᠡᠭᠯᠡᠯ︾ ᠳᠤ ︽ᠬᠦᠯᠦᠨ ᠪᠤᠶᠢᠷ ᠠᠴᠠ ᠡᠮᠦᠨᠡᠰᠢ ᠬᠦᠢᠲᠡᠨ ᠭᠤᠤᠯ ᠭᠡᠵᠦ ᠪᠤᠢ᠃ ᠭᠤᠤᠯ ᠠᠴᠠ ᠪᠠᠷᠠᠭᠤᠨᠰᠢ ᠭᠤᠴᠢᠨ ᠭᠠᠵᠠᠷ ᠬᠠᠨ ᠠᠭᠤᠯᠠ ᠭᠡᠵᠦ ᠪᠤᠢ᠂ ᠡᠭᠦᠨ ᠢ ᠴᠢᠩᠬᠢᠰ ᠬᠠᠭᠠᠨ ᠤ ᠴᠡᠷᠢᠭ ᠰᠠᠭᠤᠵᠤ ᠪᠠᠶᠢᠭᠰᠠᠨ ᠠᠴᠠ ᠬᠠᠨ ᠠᠭᠤᠯᠠ ᠭᠡᠳᠡᠭ ᠨᠡᠷ᠎ᠡ ᠲᠠᠢ ᠪᠤᠯᠤᠯ᠎ᠠ ᠭᠡᠳᠡᠭ᠂ ᠠᠭᠤᠯᠠᠨ ᠤ ᠳᠤᠤᠭᠤᠷ ᠨᠢ ᠬᠦᠢᠲᠡᠨ ᠭᠤᠤᠯ᠂ ᠭᠤᠤᠯ ᠤᠨ ᠬᠤᠶᠠᠷ ᠬᠦᠪᠡᠭᠡ ᠪᠠᠷ ᠨᠢ ᠪᠦᠷ ᠲᠠᠯ᠎ᠠ ᠨᠤᠲᠤᠭ ᠪᠦᠭᠡᠳ ᠲᠡᠷᠡ ᠨᠢ ᠬᠦᠢᠲᠡᠨ ᠬᠡᠬᠡᠷ᠎ᠡ ᠪᠤᠯᠤᠨ᠎ᠠ᠃ ᠡᠨᠡ ᠠᠪᠵᠠᠭ᠎ᠠ ᠬᠦᠳᠡᠭᠡᠷ ᠪᠤᠯ ᠬᠠᠨ ᠠᠭᠤᠯᠠ ᠶᠢᠨ ᠠᠮᠠᠰᠠᠷ ᠪᠤᠯᠬᠤ ᠶᠤᠰᠤᠲᠠᠢ︾ ᠭᠡᠵᠦ ᠲᠡᠮᠳᠡᠭᠯᠡᠵᠡᠢ᠃      ᠤᠶᠢᠷ᠎ᠠ ᠳᠤ ᠨᠠᠮᠵᠢᠯᠰᠦ᠋ᠷᠦᠩ ᠭᠤᠸᠠᠢ ︽ᠴᠢᠩᠬᠢᠰ ᠬᠠᠭᠠᠨ ᠤ ᠦᠢᠯᠡ ᠶᠠᠪᠤᠳᠠᠯ ᠲᠠᠢ ᠬᠤᠯᠪᠤᠭᠳᠠᠯ ᠲᠠᠢ ᠬᠦᠯᠦᠨ ᠪᠤᠶᠢᠷ ᠤᠨ ᠭᠠᠵᠠᠷ ᠤᠰᠤᠨ ᠤ ᠨᠡᠷ᠎ᠡ︾ ᠭᠡᠳᠡᠭ ᠲᠡᠭᠡᠨ ︽ᠰᠢᠨ᠎ᠡ ᠪᠠᠷᠭᠤ ᠵᠡᠭᠦᠨ ᠬᠤᠰᠢᠭᠤᠨ ᠤ ᠦᠪᠦᠷᠪᠤᠯᠠᠭ ᠰᠤᠮᠤᠨ ᠤ ᠨᠤᠲᠤᠭ ᠲᠤ ᠪᠠᠶᠢᠭ᠎ᠠ ᠮᠤᠭᠠᠶᠢᠲᠤ ᠶᠢᠨ ᠪᠤᠭᠳᠠ ᠠᠭᠤᠯᠠ ᠶᠢ ᠲᠡᠦᠬᠡᠨ ᠳᠡᠭᠡᠷ᠎ᠡ ︿ᠮᠠᠤ ᠦᠨᠳᠦᠷ﹀ ᠭᠡᠳᠡᠭ᠃ ︿ᠮᠤᠩᠭᠤᠯ ᠤᠨ ᠨᠢᠭᠤᠴᠠ ᠲᠤᠪᠴᠢᠶᠠᠨ﹀ ᠳᠤ ᠮᠦᠨ ︿ᠮᠠᠤ ᠦᠨᠳᠦᠷ﹀ ᠭᠡᠵᠦ ᠲᠡᠮᠳᠡᠭᠯᠡᠵᠦ ᠪᠠᠶᠢᠨ᠎ᠠ﹀ ᠭᠡᠪᠡ᠃      ︽ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠳᠡᠭᠯᠡᠭᠰᠡᠨ ᠨᠢ᠄ ᠸᠠᠩ ᠬᠠᠨ ᠤ ᠬᠦᠦ ᠰᠡᠩᠬᠦᠮ᠂ ᠵᠠᠮᠤᠬ᠎ᠠ ᠶᠢᠨ ᠦᠲᠦᠭᠡᠯᠭᠡ ᠪᠠᠷ ᠸᠠᠩ ᠬᠠᠨ ᠡᠴᠢᠭᠡ ᠲᠠᠢ ᠪᠠᠨ ᠵᠦᠪᠯᠡᠵᠦ᠂ ᠴᠢᠩᠬᠢᠰ ᠬᠠᠭᠠᠨ ᠵᠦᠴᠢ ᠳᠤ ᠴᠠᠭᠤᠷ ᠪᠠᠬᠢ ᠶᠢ ᠭᠤᠶᠤᠭᠰᠠᠨ ᠵᠤᠯᠢᠶ᠎ᠠ ᠤᠷᠤᠭ ᠤᠨ ᠭᠤᠶᠤᠴᠢᠯᠠᠯ ᠢ ᠠᠰᠢᠭᠯᠠᠨ ︽ᠪᠠᠭᠠᠯᠵᠤᠤᠷ ᠢᠳᠡ︾ ᠬᠡᠮᠡᠨ ᠴᠢᠩᠬᠢᠰ ᠬᠠᠭᠠᠨ ᠢ ᠤᠷᠢᠵᠤ ᠬᠠᠭᠤᠷᠴᠤ ᠪᠠᠷᠢᠵᠤ ᠠᠪᠬᠤ ᠪᠠᠷ ᠬᠤᠤᠪᠢᠯᠳᠤᠭᠰᠠᠨ ᠢ ᠮᠡᠩᠯᠢᠭ ᠡᠴᠢᠭᠡ ᠨᠢ ᠵᠠᠮ ᠳᠤᠮᠳᠠ ᠠᠴᠠ ᠨᠢ ᠴᠢᠩᠬᠢᠰ ᠬᠠᠭᠠᠨ ᠢ ᠬᠤᠷᠢᠭᠯᠠᠵᠤ ᠪᠤᠴᠠᠭᠠᠪᠠ᠃ ᠪᠤᠬᠠᠲᠠᠢ ᠭᠡᠷᠲᠡᠢ ᠬᠤᠶᠠᠷ ᠰᠡᠩᠬᠦᠮ ᠤᠨ ᠲᠡᠨᠳᠡ ᠬᠦᠷᠬᠦ ᠳᠤ ︽ᠰᠡᠷᠡᠭᠳᠡᠪᠡᠢ ᠪᠢᠳᠡ ᠮᠠᠨᠠᠷᠠᠰᠢ ᠡᠷᠲᠡ ᠪᠦᠴᠢᠵᠦ ᠪᠠᠷᠢᠶ᠎ᠠ︾ ᠬᠡᠮᠡᠯᠲᠦᠵᠦ ᠪᠤᠯᠵᠤᠭᠰᠠᠨ ᠢ ᠠᠯᠲᠠᠨ ᠤ ᠳᠡᠭᠦᠦ ᠶᠡᠭᠡ ᠴᠢᠷᠡᠩ ᠭᠡᠷ ᠲᠡᠭᠡᠨ ᠢᠷᠡᠵᠦ ᠬᠡᠯᠡᠭᠰᠡᠨ ᠳᠤ ᠠᠳᠤᠭᠤᠴᠢᠨ ᠪᠠᠳᠠᠢ ᠰᠦ ᠬᠦᠷᠭᠡᠬᠦ ᠪᠠᠷ ᠢᠷᠡᠭᠡᠳ ᠡᠳᠡᠭᠡᠷ ᠦᠭᠡ ᠶᠢ ᠰᠤᠨᠤᠰᠴᠤ ᠬᠠᠮᠲᠤ ᠠᠳᠤᠭᠤᠴᠢᠨ ᠬᠢᠱᠢᠯᠢᠭ ᠲᠡᠭᠡᠨ ᠬᠡᠯᠡᠵᠦ ᠪᠠᠳᠠᠢ ᠭᠢᠱᠢᠯᠢᠭ ᠬᠤᠶᠠᠭᠤᠯᠠ ᠨᠠᠷᠢᠨ ᠭᠡᠭᠡᠨ ᠤ ᠭᠢᠱᠢᠯᠢᠭ ᠵᠶᠠᠷ ᠪᠠᠷᠢᠭᠤᠯᠵᠤ ᠤᠶᠠᠵᠤ ᠬᠤᠨᠤᠭᠰᠠᠨ᠄ ︽ᠮᠡᠷᠭᠡᠳᠡᠢ ᠴᠠᠭᠠᠨ ᠠᠮᠠ ᠴᠠᠭᠠᠨ ᠬᠡᠬᠡᠷ ᠬᠤᠶᠠᠷ ᠢ ᠪᠠᠷᠢᠵᠤ ᠠᠪᠴᠢᠷᠠ᠂ ᠤᠶᠠᠵᠤ ᠰᠦᠨᠢ ᠡᠷᠲᠡ ᠮᠤᠷᠢᠯᠠᠬᠤ︾ ᠭᠡᠵᠦ ᠤᠶᠠᠭᠤᠯᠤᠭᠰᠠᠨ ᠪᠡᠯᠡᠨ ᠤᠶᠠᠭᠠᠲᠠᠢ ᠬᠤᠶᠠᠷ ᠮᠤᠷᠢ ᠶᠢ ᠤᠨᠤᠵᠤ᠂ ᠰᠦᠨᠢᠵᠢᠨ ᠴᠢᠩᠬᠢᠰ ᠬᠠᠭᠠᠨ ᠤ ᠳᠡᠷᠭᠡᠳᠡ ᠬᠦᠷᠴᠦ ᠭᠡᠷ ᠤᠨ ᠠᠷᠤ ᠠᠴᠠ ᠨᠢ ᠬᠡᠯᠡ ᠬᠦᠷᠭᠡᠪᠡ᠃ ᠴᠢᠩᠬᠢᠰ ᠬᠠᠭᠠᠨ ᠪᠠᠳᠠᠢ᠂ ᠭᠢᠱᠢᠯᠢᠭ ᠬᠤᠶᠠᠷ ᠤᠨ ᠬᠦᠷᠭᠡᠭᠰᠡᠨ ᠴᠢᠮᠡᠭᠡ ᠶᠢ ᠤᠯᠵᠤ᠂ ᠰᠦᠨᠢ ᠳᠦᠯᠢᠨ ᠢᠶᠠᠷ ᠳᠡᠷᠭᠡᠳᠡᠬᠢ ᠢᠲᠡᠭᠡᠯᠲᠡᠨ ᠨᠠᠷ ᠲᠡᠭᠡᠨ ᠬᠡᠯᠡ ᠬᠦᠷᠭᠡᠨ ᠠᠴᠢᠶ᠎ᠠ ᠬᠦᠰᠭᠡ ᠪᠠᠨ ᠬᠦᠩᠬᠡᠯᠡᠨ ᠰᠦᠨᠢ ᠪᠠᠷ ᠬᠦᠳᠡᠯᠦᠭᠰᠡᠨ ᠪᠠᠶᠢᠨ᠎ᠠ᠃ ᠢᠩᠬᠢᠭᠡᠳ ︽ᠮᠠᠤ ᠦᠨᠳᠦᠷ︾ ᠤᠨ ᠬᠡᠷᠦ ᠳᠤ ᠴᠠᠭᠳᠠᠭᠤᠯ ᠬᠠᠷᠠᠭᠤᠯ ᠢᠶᠠᠷ ᠤᠷᠢᠶᠠᠩᠬᠠᠲᠠᠢ᠂ ᠵᠠᠯᠮ᠎ᠠ ᠭᠤᠸ᠎ᠠ ᠨᠠᠷ ᠢ ᠲᠠᠯᠪᠢᠵᠤ᠂ ᠰᠦᠨᠢᠵᠢᠨ ᠨᠡᠭᠦᠭᠰᠡᠭᠡᠷ ᠮᠠᠷᠭᠠᠰᠢ ᠨᠢ ᠦᠳᠡ ᠦᠩᠭᠡᠷᠡᠵᠦ᠂ ᠨᠠᠷᠠ ᠬᠡᠯᠪᠠᠶᠢᠬᠦ ᠦᠶ᠎ᠡ ᠳᠤ ᠬᠠᠷ᠎ᠠ ᠬᠠᠯᠵᠠᠨ ᠡᠯᠡᠰᠦᠨ ᠳᠤ ᠬᠦᠷᠴᠦ ᠦᠳᠡᠯᠡᠨ ᠪᠠᠭᠤᠵᠠᠢ᠃ ᠶᠠᠭ ᠰᠠᠶᠢᠬᠠᠨ ᠦᠳᠡᠯᠡᠵᠦ ᠪᠠᠶᠢᠬᠤ ᠳᠤ ᠠᠯᠴᠢᠲᠠᠢ ᠶᠢᠨ ᠠᠭᠲᠠ ᠬᠠᠷᠢᠭᠤᠯᠤᠭᠴᠢ ᠴᠢᠬᠢᠲᠡᠢ᠂ ᠶᠠᠳᠢᠷ ᠬᠤᠶᠢᠨ᠎ᠠ ᠠᠴᠠ ᠮᠠᠤ ᠦᠨᠳᠦᠷ ᠤᠨ ᠦᠪᠦᠷ ᠤᠯᠠᠭᠠᠨ ᠪᠤᠷᠭᠠᠰᠤ ᠪᠠᠷ ᠳᠠᠭᠠᠷᠢᠨ ᠢᠷᠡᠬᠦ ᠸᠠᠩ ᠬᠠᠨ ᠤ ᠴᠡᠷᠢᠭ ᠤᠨ ᠲᠤᠭᠤᠰᠤ ᠶᠢ ᠬᠠᠷᠠᠵᠤ᠂ ᠠᠭᠲᠠ ᠪᠠᠨ ᠬᠦᠬᠡᠬᠡᠨ ᠢᠷᠡᠵᠦ ︽ᠳᠠᠶᠢᠨ ᠬᠦᠷᠪᠡᠢ︾ ᠭᠡᠵᠦ ᠮᠡᠳᠡᠭᠦᠯᠦᠭᠰᠡᠨ ᠳᠤ ᠴᠢᠩᠬᠢᠰ ᠬᠠᠭᠠᠨ ᠨᠠᠷ ᠦᠵᠡᠬᠦ ᠳᠤ ᠸᠠᠩ ᠬᠠᠨ ᠲᠠᠳᠠᠨ ᠤ ᠴᠡᠷᠢᠭ ᠨᠡᠭᠡᠵᠦ ᠢᠷᠡᠵᠦ ᠪᠠᠶᠢᠬᠤ ᠪᠤᠯᠬᠤᠷ ᠳᠠᠷᠤᠢ ᠲᠦᠷᠭᠡᠨ ᠠᠭᠲᠠ ᠪᠠᠨ ᠪᠠᠷᠢᠵᠤ ᠠᠴᠢᠶᠠᠯᠠᠵᠤ ᠮᠤᠷᠳᠠᠪᠠ᠃ ᠢᠩᠬᠢᠭᠡᠳ ᠴᠢᠩᠬᠢᠰ ᠬᠠᠭᠠᠨ ᠬᠢᠭᠡᠳ ᠸᠠᠩ ᠬᠠᠨ ᠤ ᠬᠤᠭᠤᠷᠤᠨᠳᠤ ᠪᠤᠯᠤᠭᠰᠠᠨ ᠬᠠᠮᠤᠭ ᠤᠨ ᠠᠩᠬᠠᠨ ᠤ ᠳᠠᠶᠢᠨ ᠶᠠᠪᠤᠭᠳᠠᠵᠤ᠂ ᠲᠤᠰ ᠤᠳᠠᠭᠠᠨ ᠤ ᠳᠠᠶᠢᠨ ᠳᠤ ᠴᠢᠩᠬᠢᠰ ᠬᠠᠭᠠᠨ ᠤ ᠬᠦᠴᠦᠨ ᠪᠠᠭᠤᠷᠠᠢ᠂ ᠸᠠᠩ ᠬᠠᠨ ᠤ ᠴᠡᠷᠢᠭ ᠤᠯᠠᠨ ᠪᠠᠶᠢᠭᠰᠠᠨ ᠪᠤᠯᠪᠠᠴᠤ ᠮᠠᠰᠢ ᠰᠢᠷᠦᠭᠦᠨ ᠶᠠᠪᠤᠭᠳᠠᠵᠤ᠂ ᠬᠤᠶᠢᠯᠲᠠᠷ ᠰᠢᠷᠬᠠᠳᠤᠵᠤ᠂ ᠦᠭᠡᠳᠡᠢ᠂ ᠪᠤᠷᠤᠬᠤᠯ ᠨᠠᠷ ᠴᠤ ᠡᠩᠨᠡᠭᠡ ᠠᠴᠠ ᠪᠠᠨ ᠰᠠᠯᠵᠤ᠂ ᠦᠭᠡᠳᠡᠢ ᠰᠢᠷᠬᠠᠳᠤᠨ᠂ ᠸᠠᠩ ᠬᠠᠨ ᠤ ᠲᠠᠯ᠎ᠠ ᠠᠴᠠ ᠴᠤ ᠰᠡᠩᠬᠦᠮ ᠰᠢᠷᠬᠠᠳᠤᠭᠰᠠᠨ ᠠᠴᠠ ᠳᠠᠶᠢᠨ ᠵᠤᠭᠰᠤᠵᠤ ᠲᠤᠰ ᠲᠤᠰ ᠰᠠᠯᠵᠤ ᠶᠠᠪᠤᠪᠠ ᠃      ᠳᠡᠭᠡᠷᠡᠬᠢ ᠲᠡᠦᠬᠡᠨ ᠦᠢᠯᠡ ᠠᠴᠠ ᠦᠵᠡᠬᠦ ᠳᠤ᠄ ᠨᠢᠭᠡ᠂ ᠲᠤᠰ ᠲᠠᠶᠢᠨ ᠤ ᠲᠠᠯᠠᠪᠤᠷ ᠪᠤᠯᠬᠤ ︽ᠮᠠᠤ ᠦᠨᠳᠦᠷ ︾ ᠬᠢᠭᠡᠳ ︽ᠬᠠᠷ᠎ᠠ ᠬᠠᠯᠵᠠᠨ ᠡᠯᠡᠰᠦ︾ ᠨᠢ ᠬᠤᠭᠤᠷᠤᠨᠳᠤ ᠪᠠᠨ ᠤᠶᠢᠷᠠᠬᠠᠨ᠂ ᠲᠤᠬᠠᠶᠢᠯᠠᠪᠠᠯ ᠰᠦᠨᠢ ᠪᠠᠷ ᠬᠦᠳᠡᠯᠦᠭᠡᠳ ᠮᠠᠷᠭᠠᠰᠢ ᠶᠢᠨ ᠬᠢᠨᠢ ᠦᠳᠡ ᠪᠠᠷ ᠬᠦᠷᠴᠢᠬᠡᠭᠰᠡᠨ᠂ ᠳᠡᠷᠡᠴᠢᠯᠠᠨ ︽ᠬᠠᠷ᠎ᠠ ᠬᠠᠯᠵᠠᠨ ᠡᠯᠡᠰᠦ︾ ᠠᠴᠠ ︽ᠮᠠᠤ ᠦᠨᠳᠦᠷ︾ ᠤᠨ ᠦᠪᠦᠷ ︽ᠤᠯᠠᠭᠠᠨ ᠪᠤᠷᠭᠠᠰᠤ︾ ᠶᠢ ᠳᠠᠭᠠᠷᠢᠭᠰᠠᠨ ᠴᠡᠷᠢᠭ ᠤᠨ ᠲᠤᠭᠤᠰᠤ ᠦᠵᠡᠭᠳᠡᠬᠦ ᠭᠠᠵᠠᠷ ᠪᠤᠯᠤᠨ᠎ᠠ᠃ ᠬᠤᠶᠠᠷ᠂ ᠮᠦᠨ ᠴᠤ ᠴᠢᠩᠬᠢᠰ ᠬᠠᠭᠠᠨ ᠪᠤᠯᠤᠨ ᠸᠠᠩ ᠬᠠᠨ ᠴᠤ ᠬᠤᠭᠤᠷᠤᠨᠳᠤ ᠪᠠᠨ ᠳᠡᠮᠡᠢ ᠬᠤᠯᠠ ᠪᠠᠶᠢᠭᠰᠠᠨ ᠪᠢᠰᠢ᠃ ᠳᠠᠷᠤᠢ ᠨᠢᠭᠡ ᠰᠦᠨᠢ ᠶᠢᠨ ᠲᠤᠳᠤᠷ᠎ᠠ ᠮᠤᠷᠢ ᠪᠠᠷ ᠴᠢᠮᠡᠭᠡ ᠬᠦᠷᠭᠡᠵᠦ ᠴᠢᠳᠠᠬᠤ ᠬᠡᠮᠵᠢᠶ᠎ᠡ ᠲᠠᠢ ᠭᠠᠵᠠᠷ ᠪᠠᠶᠢᠵᠠᠢ᠃ ᠪᠠᠰᠠ ᠴᠤ ᠮᠤᠷᠢ ᠤᠶᠠᠵᠤ ᠬᠤᠨᠤᠭᠠᠳ ᠰᠦᠨᠢ ᠪᠠᠷ ᠮᠤᠷᠳᠠᠪᠠᠯ ︽ᠮᠠᠷᠭᠠᠰᠢ ᠡᠷᠲᠡ ᠨᠢ ᠪᠦᠰᠡᠯᠡᠵᠦ ᠪᠠᠷᠢᠵᠤ︾ ᠪᠤᠯᠬᠤ ᠬᠡᠮᠵᠢᠶᠡᠨ ᠤ ᠭᠠᠵᠠᠷ ᠪᠠᠶᠢᠭᠰᠠᠨ ᠨᠢ ᠯᠠᠪᠲᠠᠢ᠃ ᠡᠳᠡᠭᠡᠷ ᠵᠢᠱᠢᠶ᠎ᠡ ᠠᠴᠠ ︽ᠮᠠᠤ ᠦᠨᠳᠦᠷ︾ ᠬᠢᠭᠡᠳ ︽ᠬᠠᠷ᠎ᠠ ᠬᠠᠯᠵᠠᠨ ᠡᠯᠡᠳ︾ ᠨᠢ ᠤᠶᠢᠷᠠᠬᠠᠨ ᠪᠦᠭᠡᠳ ᠸᠠᠩ ᠬᠠᠨ ᠬᠢᠭᠡᠳ ᠴᠢᠩᠬᠢᠰ ᠬᠠᠭᠠᠨ ᠨᠢ ᠬᠤᠭᠤᠷᠤᠨᠳᠤ ᠪᠠᠨ ᠤᠶᠢᠷᠠᠯᠴᠠᠭ᠎ᠠ ᠪᠠᠶᠢᠭᠰᠠᠨ ᠨᠢ ᠨᠤᠲᠠᠯᠠᠭᠳᠠᠨ᠎ᠠ᠃      ︽ᠮᠠᠤ ᠦᠨᠳᠦᠷ︾ ᠠᠴᠠ ᠤᠶᠢᠷ᠎ᠠ ᠪᠠᠶᠢᠬᠤ ︽ᠬᠠᠷ᠎ᠠ ᠬᠠᠯᠵᠠᠨ ᠡᠯᠡᠳ︾ ᠨᠢ ᠴᠤᠬᠤᠮ ᠬᠠᠮᠢᠭ᠎ᠠ ᠪᠠᠶᠢᠳᠠᠭ ᠪᠤᠯ︖ ᠤᠳᠤ ᠶᠢᠨ ᠮᠤᠭᠠᠢ ᠶᠢᠨ ᠪᠤᠭᠲᠠ ᠠᠭᠤᠯᠠ᠂ ᠳᠠᠷᠤᠢ ᠪᠤᠭᠳᠠ ᠬᠠᠨ ᠠᠭᠤᠯᠠ ︵ᠤᠤᠯ ᠨᠡᠷ᠎ᠡ ᠨᠢ ᠮᠠᠤ ᠦᠨᠳᠦᠷ︶ ᠤᠷᠲᠤᠷᠢᠭ ᠤᠨ 119°45′ ᠤᠮᠠᠷᠠᠲᠤ ᠦᠷᠭᠡᠷᠢᠭ ᠤᠨ 47° ᠲᠤ ᠪᠠᠶᠢᠳᠠᠭ᠃ ᠡᠭᠦᠨ ᠠᠴᠠ ᠬᠤᠶᠢᠰᠢ ᠭᠤᠴᠢ ᠠᠴᠠ ᠳᠦᠴᠢᠨ ᠭᠠᠵᠠᠷ ᠶᠠᠪᠤᠪᠠᠯ ᠳᠠᠷᠤᠢ ᠤᠳᠤ ᠶᠢᠨ ᠪᠠᠷᠰᠲᠤ ᠶᠢᠨ ᠰᠢᠭᠤᠢ ᠶᠢᠨ ᠲᠠᠯᠠᠪᠠᠢ ᠶᠢᠨ ᠡᠵᠡᠩᠨᠡᠯ ᠳᠤ ᠪᠦᠬᠦᠢ ᠵᠢᠭᠠᠷᠲᠤ ᠨᠠᠷᠠᠰᠤᠨ ᠤᠢ ᠲᠠᠢ ᠵᠡᠭᠦᠨᠰᠢ ᠬᠤᠩᠭᠤᠯᠵᠢ ᠶᠢᠨ ᠰᠢᠭᠤᠢ ᠲᠠᠢ ᠵᠠᠯᠭᠠᠭᠰᠠᠨ᠂ ᠬᠤᠢ ᠶᠢᠨ ᠭᠤᠤᠯ ᠠᠴᠠ ᠪᠠᠷᠠᠭᠤᠨᠰᠢ ᠳᠠᠷᠬᠠᠨ ᠠᠭᠤᠯᠠ ︵ᠬᠤᠯᠳᠤ ᠠᠭᠤᠯᠠ︶ ᠨᠢᠴᠦᠬᠦᠨ ᠠᠭᠤᠯᠠ ︵ᠨᠤᠷᠵᠢᠨ︶ ᠶᠢ ᠳᠠᠭᠠᠷᠢᠨ ᠬᠠᠯᠬ᠎ᠠ ᠭᠤᠤᠯ ᠬᠦᠷᠲᠡᠯᠡᠬᠢ ᠡᠯᠡᠰᠦᠨ ᠪᠦᠰᠡᠲᠦ ᠨᠠᠷᠠᠰᠤᠨ ᠰᠢᠭᠤᠢ ᠪᠤᠢ᠃ ᠡᠨᠡ ᠬᠦ ᠡᠯᠡᠰᠦᠨ ᠭᠠᠵᠠᠷ ᠢ ᠤᠳᠤ ᠨᠤᠲᠤᠭ ᠤᠨ ᠬᠦᠮᠦᠰ ᠬᠡᠰᠡᠭ ᠬᠡᠰᠡᠭ ᠢᠶᠠᠷ ᠤᠯᠠᠨ ᠨᠡᠷᠡᠶᠢᠳᠴᠦ ᠪᠠᠶᠢᠳᠠᠭ᠃ ᠤᠳᠤ ᠶᠢᠨ ᠪᠠᠷᠰᠲᠤ ᠠᠴᠠ ᠵᠡᠭᠦᠨ ᠬᠤᠶᠢᠰᠢ ᠰᠦᠷ ᠤᠨ ᠲᠦᠬᠦᠮ ᠠᠴᠠ ᠵᠡᠭᠦᠨ ᠡᠮᠦᠨᠡᠰᠢᠬᠢ ᠲᠤᠰ ᠡᠯᠡᠰᠦ ᠶᠢ ︽ᠬᠠᠯᠵᠠᠨ ᠱᠠᠷᠲᠤ︾ ᠭᠡᠳᠡᠭ᠃ ᠡᠨᠡ ᠬᠦ ᠭᠠᠵᠠᠷ ᠨᠢ ᠮᠤᠭᠠᠢ ᠶᠢᠨ ᠪᠤᠭᠳᠠ ᠠᠭᠤᠯᠠ ᠠᠴᠠ ᠬᠤᠶᠢᠰᠢ ᠵᠦᠪᠬᠡᠨ ᠳᠠᠪᠢᠭᠠᠳ ᠭᠠᠵᠠᠷ ᠯᠡ ᠵᠠᠶᠢᠲᠠᠢ ᠪᠠᠶᠢᠳᠠᠭ᠃ 1958 ᠤᠨ ᠤ ᠵᠤᠨ ᠤᠤᠯ ᠤᠨ ᠪᠠᠶᠠᠨᠪᠦ᠋ᠷᠢᠲᠦ ᠳᠠᠯᠠᠪᠠᠢ ᠶᠢᠨ ᠯᠾᠠᠮᠤ᠂ ᠵᠠᠮᠪᠠᠯᠨᠤᠷᠪᠤ ᠬᠤᠶᠠᠷ ᠨᠠᠰᠤᠲᠠᠨ᠄ ︽ᠤᠤᠯ ᠨᠢ ᠳᠠᠷᠬᠠᠨ᠂ ᠨᠤᠷᠵᠢᠨ ᠤ ᠠᠷᠤ ᠶᠢᠨ ᠡᠨᠡ ᠬᠦ ᠨᠠᠷᠠᠰᠤᠨ ᠰᠢᠭᠤᠢ ᠨᠢ ᠪᠠᠶᠢᠭᠰᠠᠨ ᠦᠭᠡᠢ᠃ ᠵᠦᠪᠬᠡᠨ ᠬᠡᠳᠦᠨ ᠪᠦᠲᠦᠭᠦᠨ ᠨᠠᠷᠠᠰᠤ ᠠᠳᠡ ᠲᠡᠨᠳᠡ ᠪᠠᠶᠢᠳᠠᠭ ᠪᠠᠶᠢᠭᠰᠠᠨ ᠪᠦᠭᠡᠳ ᠲᠤᠰ ᠪᠠᠷᠲᠠᠭ᠎ᠠ ᠶᠢ ︿ᠬᠠᠯᠵᠠᠨ ᠰᠢᠷᠭ᠎ᠠ ᠡᠯᠡᠰᠦ﹀ ᠭᠡᠳᠡᠭ ᠨᠡᠷ᠎ᠡ ᠲᠠᠢ ᠪᠠᠶᠢᠭᠰᠠᠨ ᠰᠡᠨ︾ ᠭᠡᠵᠦ ᠶᠠᠷᠢᠵᠤ ᠪᠠᠶᠢᠭᠰᠠᠨ᠃ ᠡᠭᠦᠨ ᠠᠴᠠ ᠦᠵᠡᠬᠦ ᠳᠤ ︽ᠬᠠᠷ᠎ᠠ ᠬᠠᠯᠵᠠᠨ ᠡᠯᠡᠳ︾ ᠨᠢ ᠤᠨ ᠤᠳᠠᠭᠠᠨ ᠳᠤ ︽ᠬᠠᠯᠵᠠᠨ ᠱᠠᠷᠲᠤ︾ ᠪᠤᠶᠤ ︽ᠬᠠᠯᠵᠠᠨ ᠰᠢᠷᠭ᠎ᠠ ᠡᠯᠡᠰᠦ︾ ᠭᠡᠭᠳᠡᠵᠦ᠂ ᠲᠤᠰ ᠤᠳᠠᠭᠠᠨ ᠤ ᠪᠠᠶᠢᠯᠳᠤᠭᠠᠨ ᠨᠢ ᠡᠨᠡ ᠬᠦ ᠡᠯᠡᠰᠦ ᠪᠠᠷᠲᠠᠭᠠᠨ ᠳᠤ ᠶᠠᠪᠤᠭᠳᠠᠭᠰᠠᠨ ᠪᠤᠯᠤᠯᠲᠠᠢ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号