ᠵᠠᠪ ᠭᠤᠸᠠᠢ ᠨᠠᠷᠠ ᠬᠠᠨ᠎ᠠ ᠶᠢᠨ ᠲᠤᠯᠤᠭᠠᠢ ᠳᠤ ᠳᠤᠰᠴᠤ ᠪᠠᠶᠢᠬᠤ ᠳᠤ ᠨᠢᠳᠦ ᠪᠠᠨ ᠨᠡᠭᠡᠭᠡᠯ᠎ᠡ᠃ ᠵᠤᠪᠬᠢ ᠨᠢ | ᠬᠦᠭᠡ ᠨᠢᠴᠠ ᠪᠤᠯᠤᠨ ᠬᠠᠪᠤᠩᠨᠠᠵᠤ ᠤᠭᠤᠷᠬᠠᠢ ᠳᠠᠭᠠᠨ ᠬᠤᠩᠬᠤᠶᠢᠨ ᠰᠢᠷᠬᠢᠭᠰᠡᠨ ᠭᠡᠷᠡᠯ ᠦᠭᠡᠢ ᠨᠢᠳᠦ ᠪᠠᠷ ᠭᠡᠷ ᠤᠨ | ᠲᠤᠳᠤᠷᠠᠬᠢ ᠶᠢ ᠲᠤᠭᠤᠷᠢᠭᠤᠯᠤᠨ ᠬᠠᠷᠠᠬᠤ ᠭᠡᠵᠦ ᠶᠡᠬᠡᠳᠡ ᠬᠦᠨᠳᠦᠷᠦᠭᠰᠡᠨ ᠲᠤᠯᠤᠭᠠᠢ ᠪᠠᠨ ᠠᠷᠠᠶᠢᠬᠢᠨ ᠡᠷᠬᠢᠬᠦᠯᠪᠡ᠃ | ᠬᠢᠩᠭᠠᠨ ᠬᠠᠮᠠᠷ ᠤᠨ ᠰᠠᠮᠰᠠᠨ ᠤ ᠮᠦᠭᠡᠷᠡᠰᠦ ᠨᠡᠪᠳᠡ ᠭᠡᠷᠡᠯᠳᠦᠨ ᠰᠢᠨ᠎ᠠ ᠶᠢᠨ ᠬᠢᠨᠢ ᠶᠠᠰᠤ ᠠᠷᠠᠰᠤ ᠪᠠᠨ ᠴᠤᠭᠤ | ᠳᠠᠳᠠᠬᠤ ᠪᠤᠢ ᠭᠡᠮᠡᠷ ᠶᠤᠷᠳᠦ᠋ᠢᠵᠠᠢ᠃ ᠴᠢᠷᠠᠢ ᠶᠢᠨ ᠬᠢᠨᠢ ᠦᠩᠭᠡ ᠡᠨᠡ ᠨᠢᠬᠦᠯᠲᠦ ᠶᠢᠷᠳᠢᠨᠴᠦ ᠳᠤ ᠠᠮᠢᠳᠤᠷᠠᠬᠤ ᠡᠳᠦᠷ | ᠲᠤᠭ᠎ᠠ ᠲᠠᠢ ᠬᠦᠮᠦᠨ ᠭᠡᠳᠡᠭ ᠢ ᠢᠯᠡᠳᠭᠡᠨ᠎ᠡ᠃ ᠶᠠᠰᠤ ᠠᠷᠠᠰᠤ ᠪᠤᠯᠤᠭᠰᠠᠨ ᠭᠠᠷ ᠢᠶᠠᠷ ᠢᠶᠠᠨ ᠤᠷᠤᠨ ᠤ ᠬᠦᠯ ᠠᠴᠠ | ᠤᠶᠠᠭᠰᠠᠨ ᠲᠠᠳᠠᠭᠤᠷᠭᠠ ᠠᠴᠠ ᠴᠢᠩᠭᠠᠭᠠᠵᠤ ᠪᠠᠶᠢᠵᠤ ᠪᠡᠶ᠎ᠡ ᠪᠠᠨ ᠬᠠᠭᠠᠰ ᠡᠷᠬᠢᠬᠦᠯᠦᠭᠡᠳ ᠶᠠᠪᠠᠭᠠᠨ ᠰᠢᠷᠡᠭᠡᠨ | ᠳᠡᠭᠡᠷᠡᠬᠢ ᠱᠠᠭᠠᠵᠠᠩ ᠲᠠᠢ ᠴᠢᠢᠳᠡᠮ ᠢᠶᠠᠷ ᠠᠮᠠ ᠪᠠᠨ ᠲᠡᠪᠳᠡᠭᠡᠪᠡ᠃ | ᠲᠡᠭᠡᠭᠡᠳ ᠬᠠᠨ᠎ᠠ ᠶᠢᠨ ᠲᠤᠯᠤᠭᠠᠢ ᠳᠤ ᠲᠤᠰᠤᠭᠰᠠᠨ ᠨᠠᠷᠠᠨ ᠤ ᠭᠡᠷᠡᠯ ᠢ ᠬᠡᠰᠡᠭ ᠰᠢᠷᠳᠡᠪᠡ᠃ ᠭᠠᠳᠠᠭ᠎ᠠ | ᠵᠤᠨ ᠤ ᠰᠠᠶᠢᠬᠠᠨ ᠡᠳᠦᠷ᠂ ᠵᠠᠪ ᠭᠤᠸᠠᠢ ᠲᠡᠭᠷᠢ ᠶᠢ ᠲᠤᠭᠤᠨᠤ ᠪᠠᠷ᠂ ᠭᠠᠵᠠᠷ ᠢ ᠡᠭᠦᠳᠡ ᠪᠠᠷ ᠬᠠᠷᠠᠬᠤ ᠲᠡᠳᠦᠢ | ᠪᠤᠯᠤᠭᠰᠠᠭᠠᠷ ᠤᠳᠠᠵᠠᠢ᠃ ᠭᠡᠪᠡᠴᠦ ᠬᠠᠨ᠎ᠠ ᠶᠢᠨ ᠲᠤᠯᠤᠭᠠᠢ ᠳᠤ ᠲᠤᠰᠤᠭᠰᠠᠨ ᠨᠠᠷᠠᠨ ᠤ ᠭᠡᠷᠡᠯ ᠤᠨ ᠰᠢᠷ᠎ᠠ | ᠲᠤᠯᠪᠤᠨ ᠳᠤ ᠪᠦᠬᠦ᠋ᠢᠯᠡ ᠭᠠᠵᠠᠷ ᠳᠡᠯᠡᠬᠡᠢ ᠶᠢ ᠪᠠᠰᠠ ᠬᠠᠷᠠᠵᠤ ᠪᠤᠯᠤᠨ᠎ᠠ᠃ ᠨᠠᠰᠤ ᠪᠠᠷ ᠢᠶᠠᠨ ᠬᠦᠨᠳᠡᠯᠡᠨ ᠭᠤᠯᠳᠤ | ᠳᠠᠪᠬᠢᠭᠰᠠᠨ ᠲᠠᠯ᠎ᠠ ᠨᠤᠳᠤᠭ᠂ ᠦᠵᠡᠵᠦ ᠦᠩᠭᠡᠷᠡᠭᠦᠯᠦᠭᠰᠡᠨ ᠠᠮᠢᠳᠤᠷᠠᠯ ᠨᠢ ᠡᠭᠦᠷᠢᠳᠡ ᠨᠢᠳᠦ ᠪᠠᠨ ᠠᠨᠢᠬᠤ ᠠᠴᠠ | ᠨᠠᠰᠢ ᠶᠠᠭᠠᠬᠢᠵᠦ ᠪᠠᠯᠠᠷᠠᠨ ᠠᠷᠢᠯᠬᠤ ᠪᠢᠯᠡ᠃ ᠦᠷᠯᠦᠭᠡ ᠪᠤᠯᠭᠠᠨ ︽ᠤᠳᠤ ᠢᠩᠬᠢᠭᠡᠳ ᠵᠤᠪᠠᠯᠠᠩ ᠳᠠᠭᠤᠰᠬᠤ ᠴᠠᠭ | ᠢᠷᠡᠭᠡ ᠦᠭᠡᠢ︾ ᠭᠡᠵᠦ ᠭᠤᠷᠢᠳᠠᠬᠤ ᠪᠤᠯᠪᠠᠴᠤ ᠡᠳᠦᠷ ᠬᠤᠨᠤᠭ ᠦᠩᠭᠡᠷᠡᠭᠰᠡᠭᠡᠷ ᠯᠡ ᠪᠠᠶᠢᠨ᠎ᠠ᠃ ᠬᠦᠮᠦᠨ ᠭᠡᠳᠡᠭ | ᠮᠦᠨ ᠴᠤ ᠪᠦᠬᠡ ᠭᠤᠤᠯ ᠲᠠᠢ ᠶᠠᠭᠤᠮ᠎ᠠ᠃ ᠤᠳᠠᠰᠤᠨ ᠴᠢᠨᠡᠬᠡᠨ ᠤᠯᠠᠭᠠᠨ ᠠᠮᠢ ᠭᠡᠪᠡᠴᠦ ᠳᠠᠰᠤᠷᠠᠵᠤ ᠦᠭᠬᠦ | ᠦᠭᠡᠢ ᠨᠢ ᠭᠠᠶᠢᠬᠠᠯᠳᠠᠢ᠃ ᠡᠪᠡᠳᠴᠢᠨ ᠤᠢ ᠳᠠᠭᠠᠨ ᠬᠦᠷᠦᠯ᠎ᠡ᠃ ᠵᠠᠪ ᠭᠤᠸᠠᠢ ᠦᠩᠭᠡᠷᠡᠭᠰᠡᠨ ᠬᠠᠪᠤᠷ ᠤᠨ ᠴᠠᠭᠠᠨ | ᠬᠠᠭᠳᠠ ᠢᠶᠠᠷ ᠬᠠᠳᠠᠨ ᠭᠡᠷ ᠲᠡᠭᠡᠨ ᠬᠠᠷᠢᠨ᠎ᠠ ᠭᠡᠵᠦ ᠪᠤᠳᠤᠵᠤ ᠪᠠᠶᠢᠭᠰᠠᠨ ᠪᠤᠯᠪᠠᠴᠤ ᠪᠦᠳᠦᠭᠰᠡᠨ ᠦᠭᠡᠢ᠃ ︽ᠪᠢ | ᠶᠡᠷᠦ ᠨᠢ ᠳᠤᠯᠤᠭᠠᠨ ᠭᠤᠤᠯ ᠲᠠᠢ ᠠᠮᠢᠳᠠᠨ ᠶᠤᠮ ᠡ︾ ᠭᠡᠵᠦ ᠬᠦᠮᠦᠨ ᠳᠤ ᠶᠠᠷᠢᠨ᠎ᠠ᠃ ᠦᠬᠦᠬᠦ ᠶᠢᠨ ᠲᠤᠬᠠᠢ | ᠪᠤᠳᠤᠵᠤ ᠶᠠᠪᠤᠭ᠎ᠠ ᠦᠭᠡᠢ ᠪᠤᠯᠪᠠᠴᠤ ᠦᠬᠦᠬᠦ ᠠᠴᠠ ᠨᠢᠭᠡ ᠶᠡᠭᠡ ᠠᠶᠤᠬᠤ ᠦᠭᠡᠢ ᠬᠦᠮᠦᠨ ᠪᠠᠶᠢᠵᠤ᠂ ᠡᠬᠦᠨ ᠢ ᠪᠠᠨ | ᠤᠶᠢᠯᠠᠭᠠᠬᠤ ᠳᠠᠭᠠᠨ ᠰᠠᠨᠠᠭ᠎ᠠ ᠠᠮᠠᠷᠠᠭᠰᠠᠨ ᠪᠦᠭᠡᠳ ᠡᠯᠳᠡᠪ ᠵᠤᠪᠠᠯᠠᠩ ᠭᠠᠰᠠᠯᠠᠩ ᠪᠤᠯᠵᠤ ᠬᠢᠩᠰᠢᠭᠨᠡᠯ ᠦᠭᠡᠢ | ᠵᠤᠷᠢᠭᠳᠠᠢ ᠲᠠᠶᠢᠪᠤᠩ ᠢᠶᠠᠷ ᠦᠬᠦᠯ ᠢᠶᠠᠨ ᠬᠦᠯᠢᠶᠡᠵᠦ ᠪᠠᠶᠢᠨ᠎ᠠ᠃ ᠰᠡᠳᠬᠢᠯ ᠢᠶᠠᠷ ᠮᠠᠰᠢᠳᠠ ᠬᠠᠳᠠᠭᠤᠵᠢᠨ | ᠴᠢᠳᠠᠬᠤ ᠳᠤ ᠪᠡᠶ᠎ᠡ ᠶᠢᠨ ᠰᠢᠨᠠᠯᠤᠯ ᠬᠦᠷᠳᠡᠯ᠎ᠡ ᠨᠠᠮᠳᠠᠭᠠᠳ ᠶᠠᠪᠤᠴᠢᠬᠠᠨ᠎ᠠ᠃ ︽ᠡᠶᠢᠮᠦ ᠰᠠᠶᠢᠬᠠᠨ ᠡᠳᠦᠷ ᠪᠠᠶᠢᠳᠠᠯ᠎ᠠ | ᠡᠭᠦᠳᠡ ᠪᠠᠨ ᠪᠢᠳᠡᠭᠦᠯᠡᠭᠡᠳ ᠭᠠᠷᠳᠠᠭ ᠨᠢ ᠶᠠᠭᠤ ᠪᠤᠢ︖︾ ᠭᠡᠵᠦ ᠡᠬᠡᠨᠡᠷ ᠲᠡᠭᠡᠨ ᠠᠭᠤᠷ ᠬᠦᠷᠦᠮᠡᠷ | ᠠᠶᠠᠳᠠᠭᠰᠠᠨ ᠢᠶᠠᠨ ︽ᠵᠠᠪ ᠭᠤᠸᠠᠢ ᠪᠤᠤ ᠪᠤᠬᠢᠮᠳᠠᠭᠠᠳ ᠪᠠᠢ︾ ᠭᠡᠵᠦ ᠦᠪᠡᠷ ᠲᠡᠭᠡᠨ ᠲᠤᠰᠢᠶᠠᠪᠠ᠃ ᠲᠡᠭᠡᠭᠡᠳ | ᠡᠪᠡᠳᠴᠢᠨ ᠳᠤ ᠨᠡᠷᠪᠡᠭᠳᠡᠭᠰᠡᠨ ᠪᠡᠶ᠎ᠡ ᠶᠢᠨ ᠤᠢ ᠭᠤᠳᠤᠮᠠ ᠨᠢᠯᠤᠭᠤᠨ ᠦᠨᠦᠷ ᠢ ᠳᠠᠷᠤᠬᠤ ᠭᠡᠵᠦ ᠬᠠᠵᠠᠭᠤ ᠳᠠᠭᠠᠨ | ᠠᠷᠴᠠ ᠠᠭᠤᠬᠢᠭᠤᠯᠤᠭᠠᠳ ᠶᠠᠭᠤᠮ᠎ᠠ ᠪᠤᠳᠤᠪᠠ᠃ ᠭᠠᠳᠠᠭ᠎ᠠ ᠪᠤᠯᠵᠤᠮᠠᠷ ᠵᠢᠷᠬᠢᠵᠦ᠂ ᠠᠯᠤᠰ ᠲᠤ ᠠᠳᠤᠭᠤ | ᠢᠨᠴᠠᠭᠠᠬᠤ ᠳᠤ ᠦᠪᠡᠷ ᠤᠨ ᠡᠷᠬᠡ ᠦᠭᠡᠢ ᠰᠡᠭᠦᠷᠡᠰᠦ ᠠᠯᠳᠠᠪᠠ᠃ ᠬᠦᠭᠰᠢᠨ ᠤ ᠪᠠᠨ ᠦᠨᠢᠶ᠎ᠡ ᠰᠠᠭᠠᠵᠤ ᠪᠠᠶᠢᠭ᠎ᠠ ᠢ | ᠰᠤᠨᠤᠰᠤᠭᠠᠳ ᠭᠠᠷ ᠬᠤᠷᠤᠭᠤ ᠨᠢ ᠴᠤᠴᠠᠳᠠᠭ ᠪᠤᠯᠵᠤ ᠳ᠋ᠧ ᠭᠡᠵᠦ ᠦᠷᠦᠪᠳᠦᠨᠡ᠃ ᠡᠬᠢᠯᠡᠭᠡᠳ ᠦᠨᠢᠶ᠎ᠡ ᠶᠢᠨ | ᠬᠦᠬᠦ ᠶᠢ ᠵᠢᠭᠳᠡ ᠰᠢᠪᠳᠤᠷᠠᠨ ᠱᠠᠬᠢᠳᠠᠯᠠ ᠰᠠᠭᠠᠵᠤ ᠪᠠᠶᠢᠭᠰᠠᠨ ᠢᠶᠠᠨ ᠲᠦᠳᠡᠬᠦ ᠦᠭᠡᠢ ᠭᠠᠷ ᠨᠢ ᠴᠤᠴᠠᠵᠤ ᠱᠤᠷ ᠱᠤᠷ | ᠬᠢᠯᠭᠡᠭᠡᠳ ᠨᠢᠭᠡ ᠬᠡᠰᠡᠭ ᠠᠮᠠᠷᠠᠨ᠎ᠠ᠃ ︽ᠬᠦᠭᠡᠷᠦᠬᠦᠢ ᠡ᠂ ᠬᠦᠦ ᠪᠠᠨ ᠴᠡᠷᠢᠭ ᠠᠴᠠ ᠬᠠᠯᠠᠭᠳᠠᠵᠤ ᠢᠷᠡᠳᠡᠯ᠎ᠡ | ᠭᠠᠭᠴᠠᠭᠠᠷ ᠢᠶᠠᠨ ᠪᠠᠶᠢᠬᠤ ᠪᠤᠯᠬᠤ ᠨᠢ︾ ᠭᠡᠵᠦ ᠵᠠᠪ ᠭᠤᠸᠠᠢ ᠪᠤᠳᠤᠪᠠ᠃ ᠬᠦᠦ ᠪᠠᠨ ᠢᠷᠡᠳᠡᠯ᠎ᠡ ᠲᠡᠰᠦᠭᠡᠳ ᠪᠠᠶᠢᠶ᠎ᠠ | ᠭᠡᠵᠦ ᠪᠤᠳᠤᠵᠤ ᠪᠠᠶᠢᠭᠰᠠᠨ ᠪᠤᠯᠪᠠᠴᠤ ᠳᠠᠬᠢᠭᠠᠳ ᠬᠠᠭᠠᠰ ᠵᠢᠯ ᠳᠡᠰᠬᠦ ᠶᠠᠮᠠᠷ ᠴᠤ ᠢᠳᠡ ᠰᠢᠳᠢ ᠪᠠᠶᠢᠬᠤ ᠦᠭᠡᠢ | ᠭᠡᠳᠡᠭ ᠢ ᠮᠡᠳᠡᠭᠰᠡᠨ ᠠᠴᠠ ᠬᠤᠶᠢᠰᠢ ᠬᠦᠭᠰᠢᠨ ᠢᠶᠠᠨ ᠵᠤᠪᠠᠭᠠᠯᠬᠦᠢ ᠡᠷᠳᠡᠬᠡᠨ ᠰᠢᠭ ᠲᠠᠯᠠᠶᠢᠵᠤ ᠤᠳᠬᠤ ᠶᠤᠮᠰᠠᠨ | ᠭᠡᠵᠦ ᠪᠤᠳᠤᠬᠤ ᠪᠤᠯᠵᠠᠢ᠃ ᠰᠠᠨᠠᠭ᠎ᠠ ᠪᠠᠷ ᠢᠶᠠᠨ ᠴᠤ ᠭᠡᠰᠡᠨ ᠦᠬᠦᠯ ᠢ ᠤᠶᠢᠷᠠᠳᠠᠭᠤᠯᠵᠤ ᠪᠤᠯᠬᠤ ᠮᠡᠲᠦ ᠪᠤᠳᠤᠭᠳᠠᠨ᠎ᠠ᠃ | ᠡᠪᠡᠳᠴᠢᠨ ᠨᠢ ᠨᠢᠭᠡᠨᠳᠡ ᠭᠠᠵᠠᠷ ᠠᠪᠴᠤ ᠨᠦᠬᠦᠭᠡ ᠤᠳᠠᠰᠤᠨ ᠴᠢᠨᠡᠬᠡᠨ ᠤᠯᠠᠭᠠᠨ ᠭᠤᠤᠯ ᠯᠡ ᠠᠷᠭ᠎ᠠ ᠦᠭᠡᠢ | ᠴᠤᠬᠢᠵᠤ ᠪᠠᠶᠢᠭ᠎ᠠ ᠨᠢ ᠢᠯᠡᠷᠬᠡᠢ ᠪᠤᠯᠵᠠᠢ᠃ ᠬᠤᠭᠤᠯᠠ ᠤᠮᠳᠠᠭᠠᠨ ᠠᠴᠠ ᠭᠠᠷᠤᠭᠠᠳ ᠤᠳᠠᠪᠠ᠃ ᠦᠬᠦᠬᠦ | ᠡᠳᠦᠷ ᠢᠶᠠᠨ ᠬᠦᠯᠢᠶᠡᠨ᠎ᠡ ᠭᠡᠳᠡᠭ ᠦᠩᠭᠡᠷᠡᠭᠰᠡᠨ ᠢᠶᠠᠨ ᠪᠤᠳᠤᠵᠤ ᠬᠡᠪᠳᠡ ᠭᠡᠰᠡᠨ ᠦᠭᠡ ᠪᠤᠯᠵᠠᠢ᠃ ᠵᠠᠪ ᠭᠤᠸᠠᠢ | ᠭᠤᠤᠯᠲᠠᠢ ᠪᠠᠶᠢᠭ᠎ᠠ ᠶᠢᠨ ᠭᠠᠭᠴᠠᠬᠠᠨ ᠤᠴᠢᠷ ᠤᠳᠬ᠎ᠠ ᠯᠡ ᠲᠡᠬᠦᠨ ᠳᠤ ᠪᠠᠶᠢᠨ᠎ᠠ᠃ ᠪᠤᠰᠤᠳ ᠵᠶᠠᠷ ᠪᠤᠯ ᠬᠦᠮᠦᠨ ᠤ | ᠲᠤᠭᠤᠰᠤᠨ ᠠᠴᠠ ᠠᠯᠢ ᠬᠡᠳᠦ᠋ᠢᠨ ᠦᠪᠡᠷ ᠢ ᠪᠠᠨ ᠬᠠᠰᠤᠵᠠᠢ᠃ ᠪᠡᠶ᠎ᠡ ᠦᠬᠦᠬᠦ ᠠᠴᠠ ᠤᠷᠢᠳᠠᠵᠤ ᠤᠬᠠᠭᠠᠨ | ᠦᠬᠦᠴᠢᠭᠡᠬᠦ ᠪᠤᠢ ᠭᠡᠳᠡᠭ ᠯᠡ ᠭᠠᠭᠴᠠ ᠠᠶᠤᠬᠤ ᠶᠠᠭᠤᠮ᠎ᠠ ᠨᠢ᠃ ᠭᠡᠪᠡᠴᠦ ᠪᠡᠶ᠎ᠡ ᠲᠤᠷᠦ᠋ᠢᠳᠠᠬᠤ ᠲᠤᠰᠤᠮ ᠤᠬᠠᠭᠠᠨ | ᠤᠯᠠᠮ ᠰᠠᠷᠠᠭᠤᠯ ᠪᠤᠯᠵᠤ ᠪᠠᠶᠢᠯ᠎ᠠ᠃ ᠪᠠᠶ᠎ᠠ ᠪᠠᠨ ᠤᠬᠠᠭᠠᠨ ᠢᠶᠠᠷ ᠵᠠᠬᠢᠷᠤᠶ᠎ᠠ᠂ ᠲᠠᠭᠠᠷᠠᠭᠰᠠᠨ ᠴᠠᠭ ᠲᠤ ᠤᠳᠤ | ᠢᠩᠬᠢᠭᠡᠳ ᠠᠮᠢᠰᠬᠤᠭ᠎ᠠ ᠪᠠᠨ ᠬᠤᠷᠢᠶᠠᠬᠤ ᠴᠠᠭ ᠪᠤᠯᠤᠯ᠎ᠠ ᠭᠡᠵᠦ ᠦᠪᠡᠷ ᠲᠡᠭᠡᠨ ᠲᠤᠰᠢᠶᠠᠵᠤ ᠪᠤᠯᠤᠮᠠᠷ ᠰᠠᠨᠠᠭᠳᠠᠨ᠎ᠠ᠃ | ᠭᠡᠪᠡᠴᠦ ᠲᠡᠶᠢᠮᠦ ᠠᠶᠠᠰ ᠨᠢ ᠬᠡᠵᠢᠶ᠎ᠡ ᠲᠠᠭᠠᠷᠠᠬᠤ᠂ ᠲᠡᠭᠡᠵᠦ ᠲᠠᠭᠠᠷᠠᠭᠰᠠᠨ ᠤ ᠲᠡᠮᠳᠡᠭ ᠴᠤᠬᠤᠮ ᠶᠠᠭᠤ ᠪᠤᠯᠬᠤ ᠶᠢ | ᠮᠡᠳᠡᠬᠦ ᠦᠭᠡᠢ ᠪᠠᠶᠢᠯ᠎ᠠ᠃ | ᠦᠨᠦ ᠦᠷᠯᠦᠭᠡ ᠡᠪᠡᠳᠬᠦ ᠰᠢᠨᠠᠯᠬᠤ ᠶᠠᠭᠤᠮ᠎ᠠ ᠨᠢ ᠨᠢᠭᠡᠨᠳᠡ ᠳᠠᠭᠤᠰᠤᠭᠰᠠᠨ ᠮᠡᠲᠦ ᠬᠠᠴᠢᠨ ᠪᠠᠶᠢᠬᠤ ᠠᠵᠢ᠃ | ᠠᠮᠠ ᠪᠠᠨ ᠳᠡᠪᠳᠦᠭᠡᠭᠡᠳ ᠠᠷᠴᠠ ᠶᠢᠨ ᠰᠠᠶᠢᠬᠠᠨ ᠦᠨᠦᠷ ᠦᠨᠦᠷᠳᠦᠵᠦ ᠬᠦᠰᠢᠵᠦ ᠴᠢᠯᠡᠭᠰᠡᠨ ᠪᠡᠶ᠎ᠡ ᠪᠠᠨ | ᠠᠷᠭᠠᠴᠠᠵᠤ ᠬᠦᠳᠡᠯᠭᠡᠭᠡᠳ ᠠᠪᠳᠠᠯ᠎ᠠ ᠦᠷᠬᠦᠯᠵᠢ ᠭᠤᠷᠦ᠋ᠢᠵᠤ ᠪᠠᠷᠦ᠋ᠢᠵᠤ ᠪᠠᠶᠢᠳᠠᠭ ᠲᠤᠳᠤᠷ᠎ᠠ ᠨᠢ ᠠᠭᠤᠵᠢᠷᠠᠨ | ᠲᠤᠯᠤᠭᠠᠢ ᠨᠢ ᠬᠦᠩᠭᠡᠷᠡᠴᠢᠭᠡᠬᠦ ᠰᠢᠭ ᠪᠤᠯᠪᠠ᠃ ᠵᠢᠷᠦᠬᠡ ᠪᠠᠨ ᠴᠢᠩᠨᠠᠪᠠᠯ ᠶᠡᠭᠡ ᠤᠳᠠᠭᠠᠨ ᠪᠤᠯᠪᠠᠴᠤ ᠲᠡᠷᠡ ᠪᠠᠷ | ᠳᠠᠮᠵᠢᠨ ᠳᠤᠭᠤᠯᠳᠠᠳᠠᠯᠠ ᠯᠦᠭ ᠯᠦᠭ ᠴᠤᠬᠢᠵᠤ ᠪᠠᠶᠢᠨ᠎ᠠ᠃ ᠵᠠᠪ ᠭᠤᠸᠠᠢ ᠡᠭᠦᠳᠡᠨ ᠤ ᠪᠠᠷᠠᠭᠤᠨ ᠬᠠᠳᠠᠪᠴᠢᠨ ᠳᠤ | ᠡᠯᠭᠦᠭᠰᠡᠨ ᠬᠠᠵᠠᠭᠠᠷ ᠨᠤᠭᠳᠤ ᠬᠤᠷᠢᠶᠠᠯᠳᠠᠢ ᠪᠠᠷᠠᠭᠠᠨ ᠳᠡᠭᠡᠷ᠎ᠡ ᠬᠦᠯᠮᠢ ᠶᠢ ᠨᠢ ᠲᠡᠯᠭᠡᠵᠦ ᠲᠠᠯᠪᠢᠭᠰᠠᠨ ᠢ ᠬᠠᠷᠠᠪᠠ᠃ | ᠡᠵᠡᠨ ᠨᠢ ᠮᠤᠷᠳᠠᠬᠤ ᠴᠢᠳᠠᠯᠳᠠᠢ ᠶᠤᠮ ᠰᠢᠭ᠋ ᠡᠮᠡᠭᠡᠯ ᠬᠠᠵᠠᠭᠠᠷ ᠵᠡᠭᠡᠭᠡᠰᠦᠲᠡᠢ ᠪᠠᠶᠢᠭ ᠭᠡᠰᠡᠨ ᠰᠢᠭ ᠬᠦᠭᠰᠢᠨ ᠨᠢ | ᠲᠡᠬᠦᠨ ᠢ ᠶᠡᠷᠦ ᠬᠦᠳᠡᠯᠭᠡᠳᠡᠭ ᠦᠭᠡᠢ ᠪᠢᠯᠡ᠃ ᠵᠤᠤᠬᠠᠨ ᠳᠡᠭᠡᠷ᠎ᠡ ᠵᠢᠭᠰᠠᠭᠠᠭᠰᠠᠨ ᠦᠷᠦᠮ᠎ᠡ ᠨᠠᠷᠠᠨ ᠤ ᠲᠤᠶᠠᠭ᠎ᠠ | ᠰᠢᠭ᠋ ᠰᠢᠷᠭᠠᠯᠳᠤᠨᠠ᠃ ᠬᠤᠶᠢᠮᠤᠷ ᠤᠨ ᠠᠪᠳᠠᠷ᠎ᠠ ᠳᠡᠭᠡᠷ᠎ᠡ ᠬᠦᠭᠰᠢᠨ ᠤ ᠪᠠᠳᠠᠷᠠᠭᠠᠭᠰᠠᠨ ᠵᠤᠯᠠ ᠭᠠᠯ ᠲᠤᠬᠢᠭᠤᠷ ᠲᠠᠢ | ᠬᠠᠷ᠎ᠠ ᠴᠡᠴᠡᠭ ᠮᠡᠲᠦ ᠪᠠᠳᠮᠠᠯᠠᠨ ᠪᠦᠬᠦᠵᠦ ᠪᠠᠶᠢᠨ᠎ᠠ᠃ ᠴᠠᠭᠠᠳᠤ ᠵᠤᠨ ᠰᠦᠮᠪᠦᠷ ᠬᠡ ᠲᠠᠯᠪᠢᠵᠦ ᠪᠤᠳᠤᠭᠰᠠᠨ ᠤᠨᠢ ᠨᠢ | ᠨᠠᠷᠠᠨ ᠤ ᠭᠡᠷᠡᠯ ᠳᠤ ᠢᠷᠠᠶᠢᠨᠠ᠃ ︽ᠮᠠᠨᠠᠢ ᠭᠡᠷ ᠤᠨ ᠮᠤᠳᠤ ᠰᠠᠶᠢᠨ᠂ ᠬᠦᠦ ᠬᠠᠯᠠᠭᠳᠠᠵᠤ ᠢᠷᠡᠭᠡᠳ | ᠪᠦᠷᠢᠶᠡᠰᠦ ᠶᠢ ᠨᠢ ᠰᠢᠨᠡᠴᠢᠯᠡᠨ᠎ᠡ ᠪᠢᠵᠡ︾᠃ ᠵᠡᠬᠦᠨ ᠬᠠᠶᠠᠭᠠᠨ ᠳᠤ ᠬᠦᠭᠰᠢᠨ ᠤ ᠤᠷᠤᠨ ᠤ ᠲᠤᠯᠤᠭᠠᠢ ᠳᠤ ᠤᠯᠠᠭᠠᠨ | ᠰᠢᠩᠬᠤᠨ ᠲᠡᠪᠢᠰᠭᠡᠷ ᠳᠡᠭᠡᠷ᠎ᠡ ᠠᠯᠳᠠᠨ ᠬᠤᠷᠯᠤ ᠲᠠᠯᠪᠢᠭᠰᠠᠨ ᠨᠢᠭᠤᠷᠲᠠᠢ ᠬᠠᠭᠤᠴᠢᠨ ᠴᠠᠭ ᠤᠨ ᠨᠠᠮᠬᠠᠨ ᠠᠪᠳᠠᠷ᠎ᠠ | ᠪᠠᠶᠢᠨ᠎ᠠ᠃ ︽ᠲᠡᠬᠦᠨ ᠢ ᠰᠡᠷᠭᠦᠭᠡᠭᠡᠳ ᠪᠤᠳᠤᠴᠢᠬᠠᠳᠠᠭ ᠪᠠᠶᠢᠵᠤ ᠳ᠋ᠧ᠂ ᠬᠦᠭᠰᠢᠨ ᠪᠢᠳᠡ ᠬᠤᠶᠠᠷ ᠤᠨ ᠠᠩᠬᠠᠨ ᠤ | ᠶᠠᠭᠤᠮ᠎ᠠ︾ ᠭᠡᠵᠦ ᠪᠤᠳᠤᠪᠠ᠃ ᠲᠡᠷᠡ ᠬᠠᠭᠤᠴᠢᠨ ᠠᠪᠳᠠᠷ᠎ᠠ ᠠᠴᠠ ᠪᠤᠰᠤᠳ ᠶᠠᠭᠤᠮ᠎ᠠ ᠴᠦᠮ ᠶᠤᠰᠤᠭᠠᠷ ᠢᠶᠠᠨ᠂ | ᠪᠦᠬᠦᠵᠦ ᠪᠠᠶᠢᠭ᠎ᠠ ᠵᠤᠯᠠ ᠬᠦᠷᠲᠡᠯ᠎ᠡ ᠶᠤᠰᠤᠭᠠᠷ ᠢᠶᠠᠨ ᠪᠦᠬᠦᠵᠦ ᠪᠠᠶᠢᠬᠤ ᠰᠢᠭ᠋ ᠰᠠᠨᠠᠭᠳᠠᠨ᠎ᠠ᠃ ︽ᠤᠳᠤ ᠢᠩᠬᠢᠭᠡᠳ | ᠪᠤᠯᠤᠭ᠎ᠠ ᠪᠢᠰᠢ ᠤᠤ ᠳ᠋ᠧ᠂ ᠬᠢᠴᠢᠨᠡᠨ ᠪᠤᠯᠳᠠᠯ᠎ᠠ ᠦᠪᠡᠷ ᠢ ᠪᠠᠨ ᠴᠤ᠂ ᠬᠦᠮᠦᠨ ᠢ ᠴᠤ ᠵᠤᠪᠠᠭᠠᠬᠤ ᠪᠤᠢ︕︾ ᠭᠡᠵᠦ | ᠭᠡᠨᠡᠳᠳᠡ ᠪᠤᠳᠤᠪᠠ᠃ | ᠬᠦᠭᠰᠢᠨ ᠨᠢ ᠦᠨᠢᠶ᠎ᠡ ᠪᠠᠨ ᠰᠠᠭᠠᠭᠠᠳ ᠤᠷᠤᠵᠤ ᠢᠷᠡᠬᠦ ᠳᠤ ᠠᠶᠢᠯ ᠤᠨ ᠬᠡᠤᠬᠡᠳ ᠶᠢ ᠳᠠᠪᠬᠢᠭᠤᠯᠤᠭᠠᠳ | ᠨᠤᠳᠤᠭ ᠤᠨ ᠡᠪᠦᠭᠡᠴᠦᠦᠯ ᠶᠢ ᠢᠷᠡᠭᠡᠴᠢ ᠭᠡᠵᠦ ᠬᠡᠯᠡᠬᠦᠯᠪᠡ᠃ ᠠᠷᠭ᠎ᠠ ᠦᠭᠡᠢ ᠴᠠᠭ ᠨᠢ ᠲᠤᠯᠤᠭᠠᠳ ᠠᠮᠢᠨ | ᠳᠡᠭᠡᠷ᠎ᠡ ᠪᠠᠨ ᠪᠠᠶᠢᠯᠭᠠᠬᠤ ᠶᠢ ᠪᠤᠳᠤᠵᠤ ᠳ᠋ᠧ ᠭᠡᠵᠦ ᠵᠠᠪ ᠭᠤᠸᠠᠢ ᠶᠢᠨ ᠦᠶ᠎ᠡ ᠶᠢᠨ ᠭᠤᠷᠪᠠᠨ ᠡᠪᠦᠭᠡᠨ ᠶᠠᠭᠠᠷᠠᠨ | ᠢᠷᠡᠯ᠎ᠡ᠃ ᠤᠷᠢᠳ ᠭᠠᠵᠠᠷ ᠬᠤᠩᠬᠤᠶᠢᠳᠠᠯᠠ ᠰᠠᠭᠤᠵᠤ ᠮᠤᠷᠳᠠᠵᠤ ᠪᠠᠶᠢᠭᠰᠠᠨ ᠤᠶᠠᠭᠠᠨ ᠳᠡᠭᠡᠷ᠎ᠡ ᠨᠢ ᠪᠠᠭᠤᠴᠠᠭᠠᠵᠤ | ᠶᠠᠭᠤ ᠭᠡᠵᠦ ᠬᠡᠯᠡᠵᠦ ᠠᠭᠤᠯᠵᠠᠨ᠎ᠠ ᠳ᠋ᠠ ᠭᠡᠵᠦ ᠵᠢᠷᠦᠬᠡᠰᠢᠶᠡᠨ ᠤᠷᠤᠬᠤ ᠳᠤ ᠵᠠᠪ ᠭᠤᠸᠠᠢ ᠬᠠᠷᠢᠨ ᠰᠤᠯᠠᠬᠠᠨ | ᠳᠠᠭᠤ ᠪᠠᠷ ᠪᠤᠯᠪᠠᠴᠤ ᠦᠬᠦᠬᠦ ᠭᠡᠵᠦ ᠪᠠᠶᠢᠭ᠎ᠠ ᠬᠦᠮᠦᠨ ᠤ ᠠᠮᠠᠨ ᠠᠴᠠ ᠭᠠᠷᠤᠮ᠎ᠠ ᠦᠭᠡᠢ ᠬᠦᠭᠵᠢᠯᠲᠡᠢ ᠨᠠᠷᠬᠢᠶᠠᠨ ᠲᠠᠢ | ᠶᠠᠭᠤᠮ᠎ᠠ ᠶᠠᠷᠢᠵᠤ ᠤᠭᠳᠤᠯ᠎ᠠ᠃ ᠬᠦᠷᠡᠩ ᠲᠤᠷᠭᠠᠨ ᠳᠡᠪᠡᠯ ᠡᠮᠦᠰᠴᠦ᠂ ᠲᠦᠴᠢᠨ ᠲᠠᠪᠤᠨ ᠤᠨ ᠤ ᠴᠢᠯᠦᠭᠡᠯᠡᠬᠦ | ᠲᠠᠶᠢᠨ ᠳᠤ ᠲᠦᠷ ᠴᠡᠷᠢᠭ ᠲᠤ ᠲᠠᠲᠠᠭᠳᠠᠨ ᠶᠠᠪᠤᠭᠠᠳ ᠠᠪᠤᠭᠰᠠᠨ ᠰᠢᠷ᠎ᠠ ᠭᠠᠤᠯᠢᠨ ᠮᠧᠲ᠋ᠧᠯ ᠢᠶᠠᠨ ᠵᠡᠬᠦᠴᠢᠭᠡᠭᠡᠳ | ᠦᠨᠳᠦᠷ ᠲᠡᠷᠡ ᠲᠦᠰᠢᠵᠡᠢ᠃ ᠵᠠᠪ ᠭᠤᠸᠠᠢ ᠶᠢᠨ ᠪᠠᠭ᠎ᠠ ᠶᠢᠨ ᠲᠦᠩᠱᠢ ᠪᠦᠭᠡᠳ ᠭᠡᠵᠢᠭᠲᠦ ᠨᠠᠶᠢᠳᠠᠨ ᠬᠡᠮᠡᠬᠦ | ᠰᠠᠶ᠋ᠢᠬᠠᠨ ᠪᠤᠯᠳᠠᠯ᠎ᠠ ᠭᠡᠵᠢᠭᠡ ᠲᠠᠢ ᠶᠠᠪᠤᠭᠰᠠᠨ ᠬᠦᠳᠡᠷ ᠬᠠᠷ᠎ᠠ ᠡᠪᠦᠭᠡᠨ᠂ ᠨᠤᠳᠤᠭ ᠤᠨ ᠶᠡᠭᠡ ᠬᠦᠨᠳᠦᠳᠡᠢ ᠬᠦᠮᠦᠨ᠂ | ᠤᠯᠠᠨ ᠵᠢᠯ ᠵᠠᠪ ᠭᠤᠸᠠᠢ ᠲᠠᠢ ᠬᠠᠮᠳᠤ ᠪᠠᠭ ᠰᠤᠮᠤ ᠶᠢᠨ ᠡᠯᠳᠡᠪ ᠠᠯᠪᠠ ᠬᠠᠭᠠᠵᠤ ᠶᠠᠪᠤᠭᠰᠠᠨ ᠪᠤᠷᠭᠤᠴᠤᠢ ᠲᠤᠷᠯᠢᠭ | ︵ᠶᠠᠭᠠᠬᠢᠭᠠᠳ ᠲᠡᠶᠢᠮᠦ ᠬᠤᠴᠢ ᠠᠪᠤᠭᠰᠠᠨ ᠢ ᠪᠤᠷᠬᠠᠨ ᠮᠡᠳᠡᠨ᠎ᠡ︶᠂ ᠦᠶᠡᠯᠢ ᠪᠤᠯᠬᠤ ᠰᠢᠮᠠᠭᠤᠯ ᠵᠠᠮᠴᠠ ᠭᠡᠭᠴᠢ | ᠭᠤᠩᠬᠢᠨᠠᠭᠰᠠᠨ ᠨᠠᠷᠢᠬᠠᠨ ᠳᠠᠭᠤᠲᠠᠢ ᠡᠪᠦᠭᠡᠨ ᠦᠬᠦᠯ ᠳᠤ ᠲᠤᠯᠤᠭᠰᠠᠨ ᠨᠦᠬᠦᠷ ᠢ ᠪᠠᠨ ᠢᠩᠬᠢᠵᠦ ᠨᠠᠷᠬᠢᠵᠦ | ᠨᠠᠭᠠᠳᠴᠤ ᠪᠠᠶᠢᠬᠤ ᠶᠤᠮ ᠭᠡᠵᠦ ᠰᠠᠨᠠᠭᠰᠠᠨ ᠦᠭᠡᠢ᠃ ᠬᠠᠳᠠᠭᠤ ᠡᠷ᠎ᠡ ᠭᠡᠳᠡᠭ ᠢ ᠮᠡᠳᠡᠨ᠎ᠡ᠃ ᠭᠡᠪᠡᠴᠦ ᠬᠠᠷᠠᠬᠤ ᠳᠤ | ᠨᠢᠳᠦ ᠬᠠᠯᠳᠤᠷᠢᠮᠠᠷ ᠪᠤᠯᠤᠭᠰᠠᠨ ᠭᠡᠵᠦ ᠰᠤᠨᠤᠰᠤᠭᠠᠳ ᠠᠷᠭ᠎ᠠ ᠦᠭᠡᠢ ᠵᠢᠷᠦᠬᠡᠰᠢᠶᠡᠨ ᠤᠷᠤᠵᠤ ᠭᠠᠷᠬᠤ ᠨᠢ ᠴᠦ | ᠬᠤᠪᠤᠷᠳᠠᠭᠰᠠᠨ ᠪᠠᠶᠢᠵᠠᠢ᠃ ᠨᠢᠭᠡ ᠭᠤᠤᠯ ᠤᠨ᠂ ᠨᠢᠭᠡ ᠦᠶ᠎ᠡ ᠶᠢᠨ ᠡᠪᠦᠭᠡᠴᠦᠦᠯ ᠤᠷᠳᠤ ᠠᠮᠢᠳᠤᠷᠠᠯ ᠲᠤᠭᠤᠯᠵᠤ | ᠨᠠᠰᠤᠨ ᠬᠡᠪ ᠤᠨ ᠢᠶᠠᠨ ᠵᠢᠮ᠎ᠡ ᠶᠤᠰᠤᠭᠠᠷ ᠤᠪᠤᠨ ᠴᠤᠪᠤᠨ ᠴᠦᠭᠡᠭᠡᠷᠡᠭᠰᠡᠭᠡᠷ ᠪᠤᠯᠪᠠᠴᠤ ᠵᠠᠯᠠᠭᠤ ᠽᠠᠨᠳᠠᠨ | ᠴᠠᠭ ᠤᠨ ᠬᠢ ᠲᠠᠢ ᠪᠠᠨ ᠠᠳᠠᠯᠢ ᠪᠡᠶ᠎ᠡ ᠪᠡᠶ᠎ᠡ ᠪᠠᠨ ᠨᠡᠷ᠎ᠡ ᠪᠠᠷ ᠨᠢ ᠪᠢᠰᠢ ᠤᠪᠤᠭ ᠢᠶᠠᠷ ᠨᠢ ᠳᠠᠭᠤᠳᠠᠵᠤ ᠨᠠᠭᠠᠨ᠎ᠠ ᠤᠤ᠂ | ᠴᠠᠭᠠᠨ᠎ᠠ ᠤᠤ ᠲᠠᠢ ᠶᠠᠪᠤᠬᠤ ᠤᠴᠢᠷ ᠨᠢᠭᠡ ᠨᠢ ᠢᠩᠬᠢᠵᠦ ᠳᠠᠰᠤᠷᠠᠭᠠᠳ ᠲᠠᠯᠠᠶᠢᠴᠢᠬᠠᠨᠠ ᠭᠡᠳᠡᠭ ᠠᠮᠢᠳᠤᠷᠠᠯ ᠦᠮᠦ | ᠴᠦᠮᠦ ᠦᠰᠦᠷᠦᠨ᠎ᠡ ᠭᠡᠰᠡᠨ ᠦᠭᠡ᠃ ᠵᠠᠪ ᠭᠤᠸᠠᠢ ᠦᠯᠡᠳᠡᠬᠦ ᠬᠡᠳᠦ ᠶᠢᠨ ᠢᠶᠠᠨ ᠰᠡᠳᠬᠢᠯ ᠢ ᠵᠠᠰᠠᠶ᠎ᠠ ᠭᠡᠰᠡᠨ ᠰᠢᠭ | ᠪᠠᠶᠢᠯ᠎ᠠ᠃ ᠭᠡᠵᠢᠭᠳᠦ ᠰᠡᠭᠦᠯᠬᠡᠨ ᠰᠢᠭ ᠢᠶᠠᠷ ᠢᠷᠡᠭᠡᠳ ᠨᠢᠳᠦ ᠳᠠᠯᠳᠠᠷᠢᠨ ᠵᠤᠤᠬᠠᠨ ᠠᠮᠠᠨ ᠳᠤ ᠰᠠᠭᠤᠵᠤ ᠮᠤᠳᠤ | ᠲᠤᠯᠤᠭᠠᠢ ᠲᠠᠢ ᠪᠠᠨ ᠨᠤᠴᠤᠯᠳᠤᠬᠤ ᠳᠤ ᠵᠠᠪ ᠭᠤᠸᠠᠢ ᠲᠡᠬᠦᠨ ᠢ ᠱᠤᠭᠯᠠᠵᠤ ︽ᠭᠡᠵᠢᠭᠲᠦ ᠮᠠᠨᠢ ᠤᠯᠠᠮ ᠯᠡ ᠦᠩᠭᠡ | ᠤᠷᠤᠭᠠᠳ ᠪᠠᠶᠢᠨ᠎ᠠ᠃ ᠵᠠᠯᠠᠭᠤ ᠡᠬᠡᠨᠡᠷ ᠠᠪᠬᠤ ᠭᠡᠵᠦ ᠪᠠᠶᠢᠨ᠎ᠠ ᠭᠡᠳᠡᠭ ᠨᠢ ᠤᠷᠤ ᠲᠠᠢ ᠲᠤᠭᠤᠨ᠃ ᠲᠡᠭᠡᠳᠡᠯ᠎ᠡ ᠡᠨᠡ | ᠪᠢᠳᠡ ᠬᠤᠶᠠᠷ ᠴᠢᠨᠢ ᠠᠩᠬ᠎ᠠ ᠨᠢᠭᠡ ᠵᠢᠯ ᠡᠬᠡᠨᠡᠷ ᠠᠪᠤᠭᠰᠠᠨ ᠶᠤᠮ ᠰᠢᠦ ᠳ᠋ᠧ᠂ ᠤᠳᠤ ᠡᠨᠡ ᠲᠤᠯᠵᠢᠨ ᠢᠶᠠᠨ | ᠪᠤᠰᠬᠠᠬᠤ ᠭᠡᠵᠦ ᠶᠠᠭᠠᠬᠢᠵᠤ ᠬᠦᠭᠯᠡᠵᠦ ᠶᠠᠪᠤᠭᠰᠠᠨ ᠢᠶᠠᠨ ᠰᠠᠨᠠᠵᠤ ᠪᠠᠶᠢᠨ᠎ᠠ ᠤᠤ︖ ᠲᠤᠯᠵᠢᠨ ᠤ ᠮᠠᠭᠤ ᠡᠮᠡᠭᠡᠯ ᠢ | ᠰᠢᠩᠭᠡᠯᠢᠭ ᠠᠴᠠ ᠨᠢ ᠠᠪᠬᠤ ᠭᠡᠵᠦ ᠶᠠᠪᠤᠭᠠᠳ ᠨᠤᠬᠠᠢ ᠳᠤ ᠬᠤᠩᠭᠤ ᠪᠠᠨ ᠤᠷᠠᠭᠤᠯᠴᠢᠬᠠᠭᠰᠠᠨ ᠢᠶᠠᠨ᠂ ᠮᠦᠨ ᠴᠤ | ᠶᠠᠳᠠᠭᠤ ᠪᠠᠶᠢᠵᠤ ᠳ᠋ᠠ᠂ ᠡᠮᠡᠭᠡᠯ ᠲᠠᠢ ᠮᠤᠷᠢ ᠬᠦᠳᠦᠯᠦᠭᠡᠳ ᠢᠷᠡᠬᠦ ᠴᠢᠳᠠᠯ ᠪᠠᠶᠢᠬᠤ ᠦᠭᠡᠢ᠂ ᠤᠳᠤ ᠬᠠᠷᠢᠨ | ᠵᠢᠷᠭᠠᠭᠠᠳ᠂ ᠠᠭᠠᠭ ᠢᠶᠠᠨ ᠪᠠᠭᠳᠠᠭᠠᠬᠤ ᠪᠠᠨ ᠪᠠᠶᠢᠵᠤ ᠪᠠᠰᠠ ᠵᠠᠯᠠᠭᠤ ᠬᠡᠤᠬᠡᠨ ᠳᠤ ᠰᠠᠨᠠᠭᠠᠳᠠᠢ︾ ᠭᠡᠬᠦ ᠳᠤ ᠭᠡᠵᠢᠭᠲᠦ | ᠲᠤᠤᠷᠠᠬᠠᠨ ᠢᠶᠠᠨ ᠰᠡᠳᠬᠢᠯ ᠠᠭᠤᠵᠢᠷᠠᠵᠤ ᠭᠠᠩᠰᠠ ᠪᠠᠨ ᠡᠪᠦᠷᠲᠦᠯᠡᠨ ︽ᠵᠤᠯᠢᠭ ᠭᠡᠵᠦ︕ ᠨᠤᠬᠠᠢ ᠳᠤ | ᠤᠷᠠᠭᠤᠯᠤᠭᠰᠠᠨ ᠰᠤᠷᠪᠢ ᠤᠳᠤ ᠴᠤ ᠪᠤᠢ ᠰᠢᠦ︾ ᠭᠡᠳ ᠭᠡᠷ ᠢᠶᠠᠷ ᠲᠦᠭᠦᠷᠡᠩ ᠢᠨᠢᠶᠡᠳᠦᠮ ᠪᠤᠯᠪᠠ᠃ | ᠠᠨᠳᠠ ᠶᠢᠨ ᠢᠶᠠᠨ ᠠᠮᠢᠨ ᠳᠡᠭᠡᠷ᠎ᠡ ᠪᠠᠶᠢᠵᠤ ᠤᠢ ᠭᠠᠰᠢᠭᠤ ᠪᠤᠯᠤᠨ᠎ᠠ ᠭᠡᠰᠡᠨ ᠴᠢᠨᠢ ᠬᠠᠷᠢᠨ ᠨᠠᠶᠢᠷ ᠨᠠᠭᠠᠳᠤᠮ ᠳᠤ | ᠢᠷᠡᠭᠰᠡᠨ ᠶᠤᠮ ᠰᠢᠭ᠋ ᠬᠦᠭᠵᠢᠶᠡᠨᠳᠡᠢ ᠪᠤᠯᠳᠠᠭ ᠪᠠᠶᠢᠨ᠎ᠠ᠃ ᠵᠠᠪ ᠭᠤᠸᠠᠢ ᠲᠡᠳᠡᠨ ᠳᠤ᠂ ᠮᠠᠭᠤ ᠳᠡᠪᠬᠡᠷᠭᠡ ︵ | ᠦᠪᠡᠷ ᠤᠨ ᠬᠢᠨᠢ ᠬᠤᠴᠢ︶ ᠶᠢᠨ ᠴᠢᠨᠢ ᠠᠮᠢᠳᠤ ᠶᠠᠪᠤᠬᠤ ᠬᠤᠨᠤᠭ ᠠᠷᠭ᠎ᠠ ᠦᠭᠡᠢ ᠬᠦᠢᠴᠡᠵᠦ ᠪᠠᠶᠢᠨ᠎ᠠ᠃ ᠲᠠ | ᠨᠠᠷ ᠢ ᠪᠠᠨ ᠨᠢᠭᠡ ᠬᠠᠷᠠᠭᠠᠳ ᠦᠬᠦᠶ᠎ᠡ ᠭᠡᠵᠦ ᠰᠢᠢᠳᠦᠯ᠎ᠡ᠃ ᠦᠬᠦᠬᠦ ᠶᠢᠨ ᠡᠮᠦᠨ᠎ᠡ ᠨᠢᠭᠡ ᠰᠠᠶᠢᠨ ᠨᠠᠷᠬᠢᠵᠤ᠂ ᠲᠠ | ᠨᠠᠷ ᠤᠨ ᠢᠶᠠᠨ ᠳᠠᠭᠤᠯᠠᠬᠤ ᠬᠤᠭᠤᠷᠳᠠᠬᠤ ᠶᠢ ᠰᠤᠨᠤᠰᠤᠶ᠎ᠠ᠃ ᠤᠷᠢᠳᠤ ᠶᠢᠨ ᠴᠠᠭ ᠲᠤ ᠶᠤᠮᠰᠠᠨ ᠪᠤᠯ ᠬᠤᠶᠢᠳᠤ | ᠨᠠᠰᠤᠨ ᠳᠠᠭᠠᠨ ᠠᠭᠤᠯᠵᠠᠵᠤ ᠶᠠᠭᠤ ᠮᠠᠭᠠᠳ ᠭᠡᠬᠦ ᠰᠠᠨ᠃ ᠨᠠᠮᠠᠢᠢ ᠲᠠ ᠨᠠᠷ ᠡᠰᠡ ᠮᠡᠳᠡᠬᠦ ᠪᠢᠰᠢ᠂ ᠦᠬᠦᠯ ᠦᠭᠡᠢ | ᠮᠦᠩᠭᠡ ᠬᠤᠷᠸ᠎ᠠ ᠲᠡᠭᠡᠷ᠎ᠡ ᠲᠦᠷᠦᠭᠰᠡᠨ ᠪᠤᠯ ᠤᠳᠤ ᠶᠠᠭᠠᠬᠢᠶ᠎ᠠ ᠭᠡᠭᠦᠪ᠃ ᠠᠯᠢᠪ ᠦᠶᠡᠯᠢ ᠴᠢ ᠬᠠᠮᠠᠷ ᠢᠶᠠᠨ ᠬᠠᠷᠠᠵᠤ | ᠤᠷᠤᠭᠤ ᠴᠢᠷᠠᠶᠢᠯᠠᠵᠤ ᠰᠠᠭᠤᠯ ᠦᠭᠡᠢ ᠠᠷᠢᠬᠢ ᠠᠶᠢᠷᠠᠭ ᠠᠴᠠ ᠪᠠᠨ ᠬᠢ︕ ᠵᠢᠭᠠᠬᠠᠨ ᠰᠢᠷ᠎ᠠ ᠳᠤᠰᠤ | ᠬᠦᠪᠦᠭᠦᠯᠦᠭᠡᠳ ᠨᠠᠳᠠᠳᠤ ᠴᠤ ᠭᠡᠰᠡᠨ ᠬᠢᠭᠡᠳ ᠠᠯᠢ︕ ᠮᠠᠭᠤ ᠲᠡᠪᠬᠡᠷᠭᠡ ᠪᠠᠨ ᠠᠯᠤᠰ ᠤᠨ ᠵᠠᠮ ᠳᠤ ᠦᠳᠡᠵᠦ | ᠪᠠᠶᠢᠨ᠎ᠠ ᠭᠡᠵᠦ ᠪᠤᠳᠤᠭᠠᠳ ᠯᠡ ᠤᠤᠭᠤᠵᠠᠭ᠎ᠠ︕ ᠵᠠᠪᠠᠯ ᠬᠦᠳᠡᠭᠡᠯᠡᠬᠦᠯᠵᠦ ᠢᠷᠡᠴᠢᠭᠡᠭᠡᠳ ᠤᠢ ᠭᠠᠰᠢᠭᠤ ᠲᠠᠶᠢᠯᠵᠤ | ᠪᠠᠶᠢᠨ᠎ᠠ ᠭᠡᠵᠦ ᠤᠤᠭᠤᠬᠤ ᠠᠯᠪᠠ ᠤᠤ︖ ᠶᠠᠮᠠᠷᠴᠤ ᠭᠡᠰᠡᠨ ᠤᠬᠠᠭᠠᠨ ᠲᠠᠢ ᠠᠮᠢᠰᠬᠤᠭ᠎ᠠ ᠲᠠᠢ ᠪᠠᠶᠢᠭ᠎ᠠ ᠲᠡᠭᠡᠷ᠎ᠡ ᠨᠢ | ᠠᠮᠢᠳᠤ ᠵᠠᠪ ᠲᠠᠢ ᠪᠠᠨ ᠤᠷᠢᠳᠤ ᠶᠢᠨ ᠬᠢ ᠰᠢᠭ ᠢᠶᠠᠷ ᠢᠶᠠᠨ ᠨᠠᠷᠬᠢᠵᠤ ᠪᠠᠶᠢᠨ᠎ᠠ ᠭᠡᠵᠦ ᠪᠤᠳᠤᠭᠠᠳ ᠤᠤᠭᠤᠵᠠᠭ᠎ᠠ︕ | ᠭᠡᠵᠦ ᠰᠢᠬᠠᠵᠤ ᠪᠠᠶᠢᠪᠠ᠃ ᠲᠡᠭᠡᠭᠡᠳ ᠬᠡᠯᠡᠭᠰᠡᠨ ᠶᠤᠰᠤᠭᠠᠷ ᠢᠶᠠᠨ ᠰᠢᠷ᠎ᠠ ᠲᠤᠰᠤ ᠬᠢᠵᠦ ᠬᠠᠯᠠᠭᠠᠭᠰᠠᠨ ᠠᠷᠢᠬᠢ | ᠵᠢᠭᠠᠬᠠᠨ ᠤᠤᠭᠤᠴᠢᠬᠠᠭᠠᠳ ᠨᠢᠳᠦ ᠨᠢ ᠭᠡᠷᠡᠯᠳᠦᠵᠦ᠂ ᠶᠤᠨᠳᠤᠭᠤᠷ ᠰᠢᠨᠠᠨ ᠳᠤᠨᠢ ᠬᠦᠷᠲᠡᠯ᠎ᠡ ᠴᠢᠰᠤ ᠲᠤᠶᠠᠭᠠᠷᠠᠪᠠ᠃ | ᠦᠬᠦᠯ ᠦᠭᠡᠢ ᠮᠦᠩᠭᠡ ᠬᠤᠷᠸ᠎ᠠ ᠳᠡᠭᠡᠷ᠎ᠡ ᠲᠦᠷᠦᠭᠡ ᠦᠭᠡᠢ ᠪᠠᠨ ᠰᠠᠶᠢᠨ ᠮᠡᠳᠡᠬᠦ ᠲᠡᠷᠡ ᠬᠡᠳᠦ ᠲᠦᠩᠱᠢ ᠶᠢᠨ ᠢᠶᠠᠨ | ᠦᠭᠡ ᠶᠢ ᠠᠷᠭ᠎ᠠ ᠦᠭᠡᠢ ᠳᠠᠭᠠᠵᠤ ᠠᠷᠢᠬᠢ ᠠᠶᠢᠷᠠᠭ ᠤᠤᠭᠤᠵᠠᠭᠠᠨ ᠳᠠᠭᠤᠤ ᠱᠤᠤ ᠪᠤᠯᠪᠠ᠃ ᠨᠠᠶᠢᠷ ᠤᠨ ᠭᠤᠷᠪᠠᠨ | ᠳᠠᠭᠤᠲᠠᠢ ᠠᠭᠰᠠᠨ ᠭᠡᠵᠢᠭᠳᠦ ᠳᠤ ᠠᠶ᠎ᠠ ᠪᠠᠷᠢᠬᠤ ᠠᠯᠪᠠ ᠲᠤᠯᠭᠠᠷᠴᠤ ᠭᠡᠵᠢᠭᠲᠦ ᠬᠦᠭᠡᠷᠦᠬᠦᠢ ᠮᠢᠨᠢ᠂ ᠬᠠᠭᠤᠴᠢᠨ | ᠫᠤᠤ ᠶᠢᠨ ᠬᠤᠭᠤᠷᠬᠠᠢ ᠭᠡᠳᠡᠭ ᠢᠶᠠᠨ ᠦᠵᠡᠬᠦᠯᠦᠯ᠎ᠡ᠃ ᠬᠦ᠋ ᠲᠤᠷᠳᠤᠭ ᠪᠤᠯᠤᠭᠰᠠᠨ ᠰᠦᠭᠡᠩᠬᠢ ᠲᠠᠭᠤᠳᠠᠢ ᠮᠤᠷᠢᠨ | ᠬᠤᠭᠤᠷ ᠢ ᠬᠦᠭᠯᠡᠵᠦ ᠠᠮᠢᠰᠬᠤᠭ᠎ᠠ ᠳᠠᠰᠤᠯᠳᠠᠩᠬᠢ ᠪᠤᠯᠪᠠᠴᠤ ᠰᠦᠷᠡᠬᠡᠢ ᠡᠷᠡᠰᠢᠭᠦᠳ ᠫᠠᠷᠬᠢᠯ ᠬᠤᠭᠤᠯᠠᠢ ᠪᠠᠷ ︽ᠵᠡ | ᠵᠢᠬᠦᠷᠲᠡᠢ ᠲᠦᠷᠦᠭᠰᠡᠨ ᠮᠠᠨ ᠳᠤ ᠴᠢᠨᠢ ᠵᠢᠭᠳᠡᠢ ᠰᠠᠶᠢᠬᠠᠨ ᠤᠷᠤᠨ ᠪᠠᠶᠢᠪᠠᠴᠤ ᠵᠢᠷᠭᠠᠯ ᠵᠤᠪᠠᠯᠠᠩ ᠠᠯᠢᠨ ᠳᠤ ᠪᠤᠯ | ᠵᠠᠶᠠᠭᠠᠨ ᠤ ᠪᠠᠨ ᠬᠦᠴᠦ ᠪᠠᠷ ᠪᠤᠯᠳᠠᠭ ᠪᠤᠰᠤ ᠤᠤ ᠁︾ ᠭᠡᠵᠦ ᠳᠠᠭᠤᠯᠠᠬᠤ ᠳᠤ ᠵᠠᠪ ᠭᠤᠸᠠᠢ ᠶᠢᠨ ᠬᠦᠭᠰᠢᠨ | ᠡᠷᠬᠢᠨᠡᠭ ᠤᠨ ᠢᠶᠠᠨ ᠬᠠᠵᠠᠭᠤ ᠳᠤ ᠨᠢᠯᠪᠤᠰᠤ ᠪᠠᠨ ᠠᠷᠴᠢᠨ ᠪᠤᠷᠤᠭᠤ ᠬᠠᠷᠠᠵᠤ ᠰᠠᠭᠤᠪᠠ᠃ ︽ᠭᠡᠵᠢᠭᠲᠦ ᠴᠢ ᠨᠡᠭᠡᠷᠡᠨ | ᠵᠠᠯᠠᠭᠤ ᠪᠠᠷ ᠢᠶᠠᠨ ᠪᠠᠶᠢᠨ᠎ᠠ᠂ ᠡᠪᠦᠭᠡᠨ ᠰᠢᠪᠠᠭᠤ ᠪᠤᠴᠠᠨ᠎ᠠ ᠭᠡᠵᠦ ᠁︾ ᠭᠡᠳ ᠵᠠᠪ ᠭᠤᠸᠠᠢ ᠰᠡᠭᠦᠷᠡᠰᠦ | ᠠᠯᠳᠠᠭᠰᠠᠨ ᠢᠶᠠᠨ ᠲᠦᠷᠡᠬᠡᠨ ᠵᠠᠭᠤᠷ᠎ᠠ ᠶᠢᠨ ᠭᠤᠨᠢᠭ ᠢᠶᠠᠨ ᠬᠦᠭᠡᠭᠡᠨ ᠵᠠᠶᠢᠯᠠᠭᠤᠯᠵᠤ ︿ᠪᠤᠷᠭᠤᠴᠤᠢ᠂ ᠴᠢ ᠲᠡᠷᠡ ᠵᠢᠯ | ᠨᠠᠮᠢᠢᠢ ᠶᠠᠭᠠᠬᠢᠵᠦ ᠴᠢᠳᠠᠭᠰᠠᠨ ᠢᠶᠠᠨ ᠶᠠᠷᠢᠭᠠᠴᠢ﹀ ᠭᠡᠪᠡ᠃ ᠪᠤᠷᠭᠤᠴᠤᠢ ᠲᠤᠷᠯᠢᠭ ᠪᠠᠭᠤᠤ ᠳᠠᠭᠠᠨ ᠠᠯᠳᠠᠨ ᠴᠠᠭ | ᠵᠡᠬᠦᠵᠦ᠂ ᠨᠢᠳᠦᠨ ᠳᠡᠭᠡᠨ ᠰᠡᠭᠦᠳᠡᠷ ᠰᠢᠯ ᠵᠡᠬᠦᠴᠢᠭᠡᠭᠰᠡᠨ ᠳᠡᠭᠵᠢᠨ ᠱᠤᠪᠤᠭᠤᠷ ᠡᠪᠦᠭᠡᠨ ᠶᠠᠷᠢᠬᠤ ᠠᠴᠠ ᠪᠠᠨ | ᠲᠦᠷᠦᠬᠦᠨ ᠬᠡᠭ ᠬᠡᠭ ᠢᠨᠢᠶᠡᠭᠡᠳ᠂ ᠪᠢ ᠪᠠᠭ ᠤᠨ ᠳᠠᠷᠤᠭ᠎ᠠ᠂ ᠵᠠᠪ ᠤᠬᠠᠭᠤᠯᠤᠭᠴᠢ᠂ ᠲᠡᠷᠡ ᠵᠤᠨ ᠠᠯᠪᠠ | ᠰᠢᠷᠦᠬᠦᠨ ᠢ ᠬᠡᠯᠡᠬᠦ ᠤᠤ᠃ ᠳᠠᠶᠢᠨ ᠤ ᠤᠷᠢᠳᠤ ᠵᠢᠯ ᠰᠢᠦ ᠳ᠋ᠧ᠂ ᠵᠠᠯᠠᠭᠤ ᠴᠤ ᠪᠠᠶᠢᠵᠠᠢ᠃ ᠴᠡᠷᠢᠭ ᠤᠨ ᠠᠭᠳᠠ᠂ | ᠨᠤᠤᠰᠤᠨ ᠤ ᠨᠤᠭᠤᠭᠳᠠᠯ ᠬᠦᠢᠴᠡᠭᠡᠬᠦ ᠭᠡᠳ ᠯᠡ ᠪᠢᠳᠡ ᠬᠤᠶᠠᠷ ᠡᠳᠦᠷ ᠰᠦᠨᠢ ᠦᠭᠡᠢ ᠠᠶᠢᠯ ᠭᠡᠰᠦᠳᠡᠭ ᠪᠠᠶᠢᠯ᠎ᠠ᠃ | ᠲᠡᠭᠡᠬᠦ ᠳᠤ ᠪᠠᠭ ᠭᠡᠳᠡᠭ ᠴᠢᠨᠢ ᠤᠳᠤ ᠶᠢᠨ ᠰᠤᠮᠤ ᠰᠢᠭ᠋ ᠨᠤᠳᠤᠭ ᠲᠠᠢ᠂ ᠶᠠᠪᠤᠵᠤ ᠪᠠᠷᠠᠳᠠᠭ ᠦᠭᠡᠢ᠃ ᠨᠢᠭᠡ ᠡᠳᠦᠷ | ᠳᠤᠤᠷᠠᠳᠤ ᠬᠦᠷᠡᠮᠳᠦ ᠤᠷᠤᠵᠤ ᠶᠠᠪᠤᠭᠰᠠᠨ ᠴᠢᠨᠢ ᠵᠠᠮ ᠳᠡᠭᠡᠷ᠎ᠡ ᠮᠤᠷᠢ ᠪᠠᠨ ᠪᠠᠷᠢᠭᠰᠠᠨ ᠬᠦᠮᠦᠨ ᠬᠡᠪᠳᠡᠵᠦ ᠪᠠᠶᠢᠨ᠎ᠠ᠃ | ᠬᠦᠷᠦᠭᠡᠳ ᠤᠴᠢᠲᠠᠯᠠ ᠮᠠᠨᠠᠢ ᠬᠦᠮᠦᠨ ᠬᠤᠷᠬᠢᠷᠠᠵᠤ ᠬᠡᠪᠳᠡᠳᠡᠭ ᠪᠠᠶᠢᠭ᠎ᠠ᠂ ᠶᠡᠷᠦ ᠨᠢ ᠪᠦᠭᠡ ᠤᠨᠳᠠᠵᠠᠢ᠃ | ᠲᠡᠭᠡᠬᠦ ᠪᠠᠷ ᠨᠢ ᠱᠤᠭᠯᠠᠮᠠᠷ ᠰᠠᠨᠠᠭᠳᠠᠭᠠᠳ ᠮᠤᠷᠢ ᠶᠢ ᠨᠢ ᠬᠦᠳᠦᠯᠦᠭᠡᠳ ᠠᠯᠠᠭ᠎ᠠ ᠪᠤᠯᠵᠤ ᠦᠭᠬᠦᠯ᠎ᠡ᠃ ᠮᠦᠨᠴᠤ | ᠳᠦᠷᠰᠦᠬᠦᠢ ᠪᠠᠶᠢᠵᠤ ᠳ᠋ᠧ᠂ ᠮᠠᠨᠠᠢ ᠬᠦᠮᠦᠨ ᠨᠢᠭᠡ ᠰᠡᠷᠡᠬᠦᠨᠡ ᠶᠠᠪᠠᠭᠠᠷᠠᠴᠢᠬᠠᠭᠰᠠᠨ ᠪᠠᠶᠢᠳᠠᠭ᠃ ᠬᠠᠭᠠᠰ ᠦᠷᠲᠡᠭᠡ | ᠰᠢᠬᠠᠮ ᠬᠦᠯ ᠢᠶᠠᠨ ᠬᠤᠯᠬᠢᠲᠠᠯᠠ ᠮᠠᠴᠤᠵᠤ ᠠᠶᠢᠯ ᠳᠤ ᠬᠦᠷᠦᠭᠰᠡᠨ ᠪᠠᠶᠢᠭᠰᠠᠨ᠃ ᠰᠡᠬᠦᠯ ᠳᠤ ᠲᠡᠭᠡᠵᠦ | ᠶᠠᠪᠠᠭᠠᠷᠠᠭᠤᠯᠤᠭᠰᠠᠨ ᠢᠶᠠᠨ ᠬᠡᠯᠡᠭᠡᠳ ᠠᠯᠠᠭᠤᠯᠬᠤ ᠰᠢᠬᠠᠭᠰᠠᠨ ᠰᠠᠨ ᠭᠡᠪᠡ᠃ ᠡᠨᠡ ᠮᠡᠲᠦ ᠪᠠᠷ ᠢᠳᠡᠷ | ᠵᠠᠯᠠᠭᠤ ᠶᠢᠨ ᠢᠶᠠᠨ ᠡᠯᠳᠡᠪ ᠶᠠᠪᠤᠳᠠᠯ ᠢ ᠲᠤᠷᠠᠰᠴᠠᠭᠠᠨᠠ᠃ ᠰᠢᠮᠠᠭᠤᠯ ᠵᠠᠮᠴᠠ ᠰᠤᠭᠳᠤᠬᠤ ᠪᠠᠷ ᠢᠶᠠᠨ ᠤᠬᠢᠯᠠᠳᠠᠭ᠂ | ᠪᠡᠶ᠎ᠡ ᠪᠠᠨ ᠬᠡᠴᠢᠨᠡᠨ ᠪᠠᠷᠢᠪᠠᠴᠤ ᠲᠡᠰᠦᠭᠰᠡᠨ ᠦᠭᠡᠢ ᠰᠢᠯᠦᠰᠦ ᠪᠠᠨ ᠰᠠᠪᠢᠷᠠᠭᠤᠯᠤᠭᠰᠠᠭᠠᠷ ᠪᠠᠶᠢᠭᠠᠳ ᠭᠢᠩᠭᠢᠨᠡᠲᠡᠯᠡ | ᠤᠬᠢᠯᠠᠴᠢᠬᠠᠪᠠ᠃ | ᠴᠢ ᠪᠢᠳᠡᠭᠡᠢ ᠬᠦᠮᠦᠨ ᠤᠷᠤᠭᠤ ᠲᠠᠳᠠᠭᠠᠳ ᠪᠠᠢ︕ ᠤᠬᠢᠯᠠᠵᠤ ᠪᠠᠶᠢᠭ᠎ᠠ ᠨᠢ ᠬᠦᠷᠲᠡᠯ᠎ᠡ ᠶᠢᠩᠬᠢᠨᠡᠭᠡᠳ ᠶᠠᠭ | ᠰᠢᠮᠠᠭᠤᠯ ᠰᠢᠭ᠋ ᠭᠡᠵᠦ ᠵᠠᠪ ᠭᠤᠸᠠᠢ ᠶᠢᠨ ᠱᠤᠭᠯᠠᠬᠤ ᠳᠤ ᠢᠨᠢᠶᠡᠳᠦᠮ ᠪᠤᠯᠵᠤ ᠬᠠᠷᠢᠨ ᠴᠤ ᠭᠤᠮᠤᠳᠠᠵᠤ ᠤᠷᠬᠢᠭᠰᠠᠨ | ᠵᠠᠮᠴᠠ᠂ ᠴᠢ ᠬᠡᠵᠢᠶᠡᠨ ᠠᠴᠠ ᠴᠢᠯᠠᠭᠤ ᠰᠢᠭ᠋ ᠬᠠᠳᠠᠭᠤ ᠰᠡᠳᠬᠢᠯ ᠲᠠᠢ ᠬᠦᠮᠦᠨ᠂ ᠦᠯᠡᠳᠡᠬᠦ ᠪᠢᠳᠡᠨ ᠢ ᠪᠠᠨ ᠴᠤ | ᠵᠦᠭᠡᠯᠡᠨ ᠲᠤᠷᠤᠢ ᠤᠯᠤᠰ ᠭᠡᠵᠦ ᠮᠡᠳᠡᠬᠦ ᠦᠭᠡᠢ ᠭᠡᠳ ᠭᠠᠷᠴᠤ ᠶᠠᠪᠤᠬᠤ ᠶᠢ ᠵᠠᠪᠳᠤᠭᠰᠠᠨ ᠳᠤ᠂ ᠦᠶᠡᠯᠢ ᠮᠢᠨᠢ︕ | ᠪᠢ ᠴᠢᠨᠦᠬᠢ ᠪᠠᠨ ᠤᠶᠠᠨ ᠵᠦᠭᠡᠯᠡᠨ ᠰᠡᠳᠬᠢᠯ ᠲᠠᠢ ᠶᠢ ᠮᠡᠳᠡᠬᠦ ᠦᠭᠡᠢ ᠶᠠᠭᠠᠬᠢᠬᠤᠪ ᠪᠤᠢ᠂ ᠲᠤᠭᠯᠠᠭᠰᠠᠨ ᠶᠤᠮ᠂ ᠴᠢ | ᠠᠳᠤᠭᠤ ᠬᠤᠷᠢᠶᠠᠭᠠᠳ ᠢᠷᠡᠬᠦ ᠦᠭᠡᠢ ᠤᠤ᠂ ᠪᠢ ᠨᠢᠭᠡ ᠬᠠᠷᠠᠶ᠎ᠠ ᠭᠡᠵᠦ ᠭᠤᠶᠤᠪᠠ ᠁ | ᠵᠠᠮᠴᠠ ᠠᠳᠤᠭᠤ ᠬᠤᠷᠢᠶᠠᠵᠤ ᠭᠡᠷ ᠤᠨ ᠭᠠᠳᠠᠭ᠎ᠠ ᠠᠪᠴᠢᠷᠠᠭᠰᠠᠨ ᠬᠤᠶᠢᠨ᠎ᠠ ᠬᠦᠮᠦᠰ ᠵᠠᠪᠤ ᠭᠤᠸᠠᠢ ᠶᠢ | ᠰᠢᠷᠳᠡᠭ ᠳᠡᠭᠡᠷ᠎ᠡ ᠳᠠᠮᠵᠢᠯᠠᠨ ᠭᠠᠷᠭᠠᠵᠠᠢ᠃ ᠵᠢᠷᠠᠨ ᠬᠡᠳᠦᠨ ᠵᠢᠯ ᠠᠮᠢᠳᠤᠷᠠᠭᠰᠠᠨ ᠬᠤᠷᠸ᠎ᠠ ᠶᠢᠷᠲᠢᠨᠴᠦ ᠵᠤᠨ ᠤ ᠪᠠᠨ | ᠨᠢᠭᠡ ᠰᠠᠶᠢᠬᠠᠨ ᠡᠳᠦᠷ ᠢᠶᠠᠷ ᠲᠡᠬᠦᠨ ᠢ ᠦᠳᠡᠨ ᠭᠠᠷᠭᠠᠵᠤ ᠪᠠᠶᠢᠨ᠎ᠠ ᠤᠤ︖ ᠨᠠᠷᠠᠨ ᠬᠡᠪᠠᠶᠢᠵᠦ ᠠᠬᠢ ᠭᠠᠩᠭ᠎ᠠ ᠶᠢᠨ | ᠦᠨᠦᠷ ᠠᠩᠬᠢᠯᠤᠮᠠᠯ ᠵᠦᠭᠡᠯᠡᠨ ᠪᠦᠭᠡᠳ ᠪᠦᠯᠢᠶᠡᠨ ᠰᠡᠪᠰᠡᠭᠡ ᠦᠬᠦᠯ ᠤᠨ ᠡᠮᠦᠨ᠎ᠡ ᠵᠤᠷᠢᠭᠲᠠᠢ ᠲᠠᠶᠢᠪᠤᠩ ᠪᠠᠢ ᠭᠡᠵᠦ | ᠠᠷᠭᠠᠳᠠᠨ ᠢᠯᠪᠢᠵᠦ ᠪᠠᠶᠢᠬᠤ ᠰᠢᠭ᠋᠂ ᠨᠤᠳᠤᠭ ᠤᠨ ᠬᠦᠬᠡ ᠨᠤᠭᠤᠭᠠᠨ ᠬᠦᠪᠡᠭᠡ ᠲᠤᠯᠤᠭᠠᠶᠢᠳ ᠤᠨᠢᠶᠠᠷ ᠳᠤᠮᠳᠠ | ᠵᠠᠮᠬᠠᠷᠠᠨ ᠦᠵᠡᠭᠳᠡᠬᠦ ᠨᠢ ᠠᠭᠤᠵᠢᠮ ᠪᠤᠯᠪᠠᠴᠤ ᠬᠦᠮᠦᠨ ᠤ ᠨᠠᠰᠤᠨ ᠬᠢᠵᠠᠭᠠᠷᠲᠠᠢ ᠶᠠᠮᠠᠷᠬᠠᠨ ᠵᠠᠮ ᠲᠠᠢ ᠶᠢᠷᠲᠢᠨᠴᠦ | ᠪᠢᠯᠡ ᠬᠡᠮᠡᠷ᠃ ᠡᠨᠡ ᠨᠠᠷᠠ᠂ ᠰᠠᠯᠬᠢ᠂ ᠲᠡᠭᠷᠢ᠂ ᠬᠦᠪᠡᠭᠡ ᠲᠤᠯᠤᠭᠠᠶᠢᠳ ᠢᠶᠠᠨ ᠰᠡᠭᠦᠯᠴᠢ ᠶᠢᠨ ᠤᠳᠠᠭ᠎ᠠ ᠬᠠᠷᠠᠵᠤ | ᠪᠠᠶᠢᠨ᠎ᠠ ᠭᠡᠵᠦ ᠵᠠᠪ ᠭᠤᠸᠠᠢ ᠪᠤᠳᠤᠵᠤ ᠪᠠᠶᠢᠯ᠎ᠠ᠃ ᠵᠠᠮᠴᠠ ᠶᠢᠨ ᠬᠤᠷᠢᠶᠠᠵᠤ ᠠᠪᠴᠢᠷᠠᠭᠰᠠᠨ ᠠᠳᠤᠭᠤ ᠤᠭᠤᠷᠬᠢᠯᠠᠨ | ᠪᠦᠭᠡᠮᠨᠡᠷᠴᠦ ᠠᠭᠠᠭ ᠢᠶᠠᠨ ᠪᠠᠭᠳᠠᠵᠤ ᠶᠠᠳᠠᠭᠰᠠᠨ ᠤᠨᠠᠭ᠎ᠠ ᠳᠠᠭ᠎ᠠ ᠲᠠᠩᠭᠠᠷᠠᠯᠳᠤᠨ ᠴᠢᠷᠯᠠᠯᠳᠤᠬᠤ ᠪᠦᠭᠡᠳ ᠬᠠᠷᠢᠨ | ᠨᠢᠭᠡ ᠬᠦᠭᠰᠢᠨ ᠪᠤᠭᠤᠷᠤᠯ ᠰᠦᠷᠦᠭ ᠠᠴᠠ ᠵᠠᠶᠢᠳᠠᠭᠤ ᠵᠡᠭᠦᠷᠮᠡᠭᠯᠡᠨ ᠪᠠᠶᠢᠨ᠎ᠠ᠃ ᠵᠠᠪ ᠭᠤᠸᠠᠢ ᠲᠡᠬᠦᠨ ᠢ ᠬᠠᠷᠠᠵᠤ | ᠤᠮᠤᠯᠳᠤᠭᠰᠠᠨ ᠵᠢᠷᠪᠢᠭᠡᠷ ᠤᠷᠤᠭᠤᠯ ᠵᠶᠠᠨ ᠮᠤᠷᠦ᠋ᠢᠯᠭᠠᠨ ᠢᠨᠢᠶᠡᠪᠡ᠃ | — ᠲᠡᠷᠡ ᠪᠤᠭᠤᠷᠤᠯ ᠢ ᠬᠠᠷᠠᠭᠠᠴᠢ︕ ᠮᠦᠨᠴᠦ ᠶᠠᠰᠤᠲᠠᠢ ᠠᠳᠤᠭᠤᠰᠤ ᠶᠤᠮᠰᠠᠨ᠃ ᠮᠠᠭᠤ ᠰᠠᠶᠢᠨ | ᠪᠠᠶᠢᠳᠠᠰᠤ ᠨᠤᠭᠤᠳ ᠲᠤ ᠭᠤᠯᠤᠭᠳᠠᠵᠤ ᠦᠷᠢᠶ᠎ᠡ ᠰᠢᠳᠦᠯᠡᠩ ᠳᠤ ᠬᠠᠵᠢᠭᠯᠠᠭᠤᠯᠤᠭᠠᠳ ᠤᠳᠤ ᠴᠤ ᠪᠤᠯᠢᠵᠦ ᠳ᠋ᠧ | ᠬᠦᠭᠡᠷᠦᠬᠦᠢ᠂ ᠭᠡᠬᠦ ᠳᠡᠭᠡᠨ ᠨᠠᠳᠠ ᠠᠴᠠ ᠯᠡ ᠲᠦᠷᠦᠬᠦᠯᠦᠭᠰᠡᠨ ᠦᠭᠡᠢ ᠳ᠋ᠧ ᠭᠡᠪᠡ᠃ ᠴᠢᠩᠬᠢᠭᠡᠳ ᠬᠡᠳᠦᠨ ᠮᠦᠴᠡ | ᠦᠩᠭᠡᠷᠡᠬᠦ ᠳᠤ ᠨᠠᠷᠠ ᠰᠠᠯᠬᠢᠨ ᠳᠤ ᠴᠤᠴᠢᠷᠳᠠᠭᠰᠠᠨ ᠳᠠᠭᠠᠨ ᠴᠤ ᠶᠤᠮ ᠤᠤ ᠠᠮᠢᠰᠬᠤᠭ᠎ᠠ ᠨᠢ ᠳᠡᠭᠡᠷ᠎ᠡ ᠭᠠᠷᠴᠤ | ᠨᠢᠳᠦ ᠨᠢ ᠵᠢᠭᠲᠡᠶᠢᠬᠡᠨ ᠬᠤᠷᠴᠠ ᠪᠠᠷ ᠭᠢᠯᠠᠯᠵᠠᠪᠠ᠃ ᠦᠶᠡᠯᠢ ᠤᠷᠭ᠎ᠠ ᠶᠢᠨ ᠮᠢᠨᠢ ᠬᠤᠶᠢᠪᠢ ᠶᠢ ᠲᠠᠶᠢᠯᠤᠭᠠᠳ ᠠᠯᠢ︕ | ᠭᠡᠳ ᠬᠤᠶᠢᠪᠢ ᠪᠠᠨ ᠭᠡᠵᠢᠭᠲᠦ ᠳᠤ ᠦᠭᠴᠦ᠂ ᠴᠢ ᠵᠠᠯᠠᠭᠤ ᠡᠬᠡᠨᠡᠷ ᠠᠪᠬᠤ ᠰᠠᠨᠠᠭᠠᠳᠠᠢ ᠪᠠᠷ ᠢᠶᠠᠨ ᠡᠬᠦᠨ ᠢ ᠠᠪ︕ | ᠤᠭᠤᠨᠤ ᠶᠢᠨ ᠬᠦᠵᠦᠬᠦᠦ ᠪᠠᠷ ᠬᠢᠭᠰᠡᠨ ᠰᠠᠶᠢᠨ ᠬᠤᠶᠢᠪᠢ ᠰᠢᠦ᠂ ᠴᠢᠳᠠᠯ ᠢᠶᠠᠨ ᠦᠵᠡᠬᠦᠯᠬᠦ ᠳᠤ ᠴᠢᠨᠢ ᠬᠡᠷᠡᠭ | ᠪᠤᠯᠤᠨ᠎ᠠ ᠭᠡᠪᠡ᠃ ᠲᠤᠷᠬᠢᠯ ᠲᠦᠩᠱᠢ ᠳᠡᠭᠡᠨ ᠰᠡᠶᠢᠯᠪᠤᠷᠢ ᠨᠢ ᠪᠠᠷᠠᠭᠳᠠᠳᠠᠯ᠎ᠠ ᠪᠠᠨ ᠡᠯᠡᠭᠳᠡᠵᠦ ᠮᠦᠯᠡᠶᠢᠭᠰᠡᠨ ᠵᠢᠵᠢᠭ | ᠭᠠᠷᠳᠠᠮ ᠬᠦᠭᠦᠷᠭᠡ ᠪᠠᠨ ︽ᠭᠠᠩᠭᠠᠩ ᠬᠦᠮᠦᠨ ᠳᠤ ᠭᠠᠷᠠᠬ᠎ᠠ ᠨᠡᠮᠡᠷᠢ︾ ᠭᠡᠵᠦ ᠦᠭᠪᠡ᠃ ᠴᠢᠩᠬᠢᠭᠡᠳ ᠰᠡᠭᠦᠯ ᠤᠨ | ᠦᠭᠡ ᠪᠠᠨ ᠬᠡᠯᠡᠭᠰᠡᠨ ᠨᠢ᠄ ᠲᠠ ᠨᠠᠷ ᠢ ᠪᠠᠨ᠂ ᠨᠤᠳᠤᠭ ᠤᠰᠤ ᠪᠠᠨ᠂ ᠠᠳᠤᠭᠤ ᠮᠠᠯ ᠢᠶᠠᠨ ᠬᠠᠷᠠᠵᠤ ᠠᠪᠤᠯ᠎ᠠ᠂ | ᠬᠡᠴᠢᠨᠡᠨ ᠰᠠᠶᠢᠬᠠᠨ ᠰᠠᠯᠵᠤ ᠪᠤᠯᠤᠮᠠᠷ ᠦᠭᠡᠢ ᠶᠢᠷᠲᠢᠨᠴᠦ ᠪᠤᠯᠪᠠᠴᠤ ᠭᠡᠵᠢᠭᠲᠦ ᠶᠢᠨ ᠳᠠᠭᠤᠯᠠᠳᠠᠭ ᠡᠪᠦᠭᠡᠨ ᠰᠢᠪᠠᠭᠤ | ᠪᠤᠴᠠᠬᠤ ᠴᠠᠭ ᠪᠤᠯᠵᠠᠢ᠃ ᠵᠢᠷᠠᠨ ᠬᠡᠳᠦᠨ ᠵᠢᠯ ᠲᠡᠯᠡᠬᠡᠢ ᠶᠢᠨ ᠲᠤᠭᠤᠰᠤ ᠬᠦᠳᠡᠯᠭᠡᠵᠦ ᠶᠡᠭᠡ ᠶᠠᠭᠤᠮ᠎ᠠ ᠦᠵᠡᠯ᠎ᠡ᠃ | ᠭᠤᠮᠤᠳᠠᠯ ᠠᠯᠠᠭ᠎ᠠ᠃ ᠰᠠᠶᠢᠨ ᠬᠠᠨᠢ ᠲᠠᠢ᠂ ᠭᠤᠯᠤᠮᠳᠠ ᠵᠠᠯᠭᠠᠬᠤ ᠬᠦᠦ ᠲᠠᠢ᠂ ᠰᠠᠶᠢᠬᠠᠨ ᠨᠦᠬᠦᠳ ᠲᠠᠢ ᠵᠢᠷᠭᠠᠵᠤ | ᠶᠠᠪᠤᠯ᠎ᠠ᠃ ᠡᠶᠢᠮᠦ ᠲᠡᠶᠢᠮᠦ ᠶᠠᠭᠤᠮ᠎ᠠ ᠳᠤᠳᠠᠭᠤ ᠳᠤᠮᠳᠠ ᠪᠠᠶᠢᠭᠰᠠᠨ ᠭᠡᠵᠦ ᠭᠠᠵᠢᠷᠠᠬᠤ ᠶᠠᠭᠤᠮ᠎ᠠ ᠠᠯᠠᠭ᠎ᠠ᠃ | ᠤᠯᠠᠨ ᠤ ᠳᠤᠮᠳᠠ ᠯᠡ ᠶᠠᠪᠤᠯ᠎ᠠ᠂ ᠵᠠᠮᠴᠠ ᠮᠢᠨᠢ ᠴᠢ ᠰᠡᠳᠬᠢᠯ ᠢᠶᠠᠨ ᠪᠠᠷᠢᠵᠤ ᠦᠵᠡ︕ ︵ᠵᠠᠮᠴᠠ ᠤᠬᠢᠯᠠᠭᠰᠠᠭᠠᠷ | ᠬᠤᠯᠠᠳᠠᠪᠠ︶ ᠪᠢᠳᠡ ᠴᠢᠨᠢ ᠢᠩᠬᠢᠭᠡᠳ ᠯᠡ ᠤᠪᠤᠨ ᠴᠤᠪᠤᠨ ᠬᠤᠶᠢᠳᠤ ᠡᠩᠭᠡᠷ ᠲᠡᠭᠡᠨ ᠭᠠᠷᠬᠤ ᠤᠯᠤᠰ ᠰᠢᠦ ᠳ᠋ᠠ᠂ | ᠵᠢᠮ᠎ᠡ ᠶᠤᠮ ᠬᠤᠶᠢᠨ᠎ᠠ᠃ ᠶᠠᠮᠠᠷ ᠮᠠᠨᠠᠢ ᠮᠤᠩᠭᠤᠯ ᠤᠨ ᠤᠳᠤᠮ ᠲᠠᠰᠤᠷᠠᠬᠤ ᠪᠠᠷ ᠪᠢᠰᠢ︕ ᠲᠠ ᠨᠠᠷ ᠮᠢᠨᠢ ᠲᠡᠭᠡᠭᠡᠳ | ᠦᠷ᠎ᠡ ᠠᠴᠢ ᠦᠨᠢᠷ ᠦᠳᠭᠡᠨ ᠵᠢᠷᠭᠠᠨ ᠲᠡᠯᠵᠢᠵᠦ ᠶᠠᠪᠤᠭᠠᠷᠠᠢ︕ ᠵᠠ ᠤᠳᠤ ᠪᠤᠯᠤᠯ᠎ᠠ᠂ ᠭᠡᠷ ᠲᠤ ᠮᠢᠨᠢ | ᠤᠷᠤᠭᠤᠯᠤᠭᠠᠳ ᠠᠯᠢ︕ | ᠵᠠᠪ ᠭᠤᠸᠠᠢ ᠦᠷ ᠰᠦᠨᠢ ᠬᠠᠭᠠᠴᠠᠬᠤ ᠶᠢᠨ ᠠᠯᠳᠠ ᠳᠤ ᠨᠠᠰᠤᠨ ᠦᠭᠡᠳᠡ ᠪᠤᠯᠵᠠᠢ | ᠵᠣᠬᠢᠶᠠᠭᠴᠢ᠄ ᠰ᠊ · ᠡᠷᠳᠡᠨᠢ |