ᠠᠮᠢᠳᠤᠷᠠᠯ ᠤᠨ ᠠᠯᠳᠠᠨ ᠬᠠᠭᠤᠳᠠᠰᠦ
ᠨᠡᠶᠢᠲᠡᠯᠡᠭᠰᠡᠨ ᠴᠠᠭ᠄
2020/10/15
       ᠠᠯᠳᠠᠨ ᠲᠡᠯᠡᠭᠡᠢ ᠳᠤ ᠠᠮᠢ ᠨᠠᠰᠦ ᠶᠢ ᠤᠯᠵᠦ᠂ ᠬᠦᠮᠦᠨ ᠪᠤᠯᠵᠦ ᠵᠠᠶᠠᠭᠠᠨ᠎ᠠ ᠭᠡᠳᠡᠭ ᠦᠨᠡᠭᠡᠷ ᠬᠡᠮᠵᠢᠶᠡᠯᠡᠰᠢ ᠦᠭᠡᠢ ᠠᠵᠠ ᠵᠢᠷᠭᠠᠯ ᠪᠤᠶᠦ᠃ ᠡᠶᠢᠮᠦ ᠠᠴᠠ ᠬᠦᠮᠦᠨ ᠪᠤᠯᠬᠤ ᠠᠮᠢ ᠨᠠᠰᠦ ᠶᠢ ᠤᠯᠭᠤᠵᠦ᠂ ᠠᠰᠠᠷᠠᠨ ᠬᠦᠮᠦᠵᠢᠬᠦᠯᠵᠦ ᠦᠰᠭᠡᠭᠰᠡᠨ ᠠᠪᠤ ᠡᠵᠢ ᠳᠡᠭᠡᠨ ᠪᠢᠳᠡ ᠶᠠᠭᠤᠨ ᠤ ᠡᠮᠦᠨ᠎ᠠ ᠠᠴᠢᠯᠠᠨ ᠲᠠᠯᠠᠷᠬᠠᠬᠤ ᠶᠤᠰᠤᠳᠠᠢ ᠶᠤᠮ᠃ ᠬᠦᠮᠦᠨ ᠤ ᠠᠮᠢᠳᠤᠷᠠᠯ ᠶᠡᠷᠦ ᠨᠢ ᠵᠢᠷᠭᠠᠯ ᠵᠤᠪᠠᠯ ᠬᠤᠤᠰᠯᠠᠵᠦ᠂ ᠪᠠᠶᠠᠷ ᠭᠤᠨᠢᠭ ᠰᠤᠯᠪᠢᠴᠠᠵᠦ ᠪᠠᠶᠢᠳᠠᠭ᠃ ᠬᠦᠮᠦᠰ ᠬᠤᠷᠸ᠎ᠠ ᠶᠢᠨ ᠨᠠᠨᠳᠢᠨ ᠴᠠᠭ ᠮᠦᠴᠡ ᠶᠢ ᠡᠯᠳᠡᠪ ᠶᠠᠩᠵᠦ ᠶᠢᠨ ᠦᠡᠭᠭᠡ ᠠᠶᠠᠰ ᠲᠠᠢ ᠪᠠᠷ ᠬᠤᠷᠤᠭᠠᠵᠦ ᠡᠯᠡᠭᠡᠭᠰᠡᠭᠡᠷ ᠪᠠᠶᠢᠵᠦ᠂ ᠠᠮᠢᠳᠤᠷᠠᠯ ᠤᠨ ᠠᠯᠳᠠᠨ ᠬᠠᠭᠤᠳᠠᠰᠦ ᠪᠠᠨ ᠬᠤᠮᠢᠳᠠᠭ ᠪᠢᠯᠡ᠃ ᠲᠡᠭᠡᠪᠡᠯ ᠬᠦᠮᠦᠨ ᠤ ᠠᠮᠢ ᠨᠠᠰᠤᠨ ᠤ ᠦᠨ᠎ᠠ ᠴᠡᠨ᠎ᠠ ᠨᠢ ᠴᠤᠬᠤᠮ ᠶᠠᠭᠤᠨ ᠳᠠᠭᠠᠨ ᠪᠠᠶᠢᠳᠠᠭ ᠪᠤᠯ ᠡ︖       ᠪᠢ ᠨᠢᠯᠬ᠎ᠠ ᠪᠠᠯᠴᠢᠷ ᠨᠠᠰᠦ ᠪᠠᠨ ᠦᠡᠭᠭᠡᠷᠡᠭᠡᠵᠦ ᠤᠬᠠᠭ᠎ᠠ ᠲᠤᠮᠤᠭ᠎ᠠ ᠤᠷᠤᠬᠤ ᠶᠢᠨ ᠦᠶ᠎ᠠ ᠳᠡᠭᠡᠨ ︽ᠬᠦᠮᠦᠨ ᠠᠮᠢᠳᠤᠷᠠᠭᠠᠳ ᠪᠠᠰᠠ ᠦᠬᠦᠨ᠎ᠠ᠂ ᠦᠬᠦᠪᠡᠯ ᠶᠠᠭᠤ ᠴᠦ ᠮᠡᠳᠡᠬᠦ ᠦᠭᠡᠢ ᠪᠤᠯᠤᠨ᠎ᠠ᠃ ᠬᠡᠳᠦᠢ ᠡᠮᠭᠡᠨᠢᠯᠳᠠᠢ᠂ ᠬᠡᠳᠦᠢ ᠬᠠᠷᠠᠮᠰᠠᠯᠳᠠᠢ ᠪᠤᠢ︖︾ ᠭᠡᠵᠦ ᠨᠢᠯᠬᠠᠰᠠᠭ ᠰᠡᠳᠬᠢᠯ ᠳᠡᠭᠡᠨ ᠤᠶᠠᠷᠠᠨ ᠮᠡᠭᠰᠢᠳᠡᠭ ᠪᠠᠶᠢᠭᠰᠠᠨ ᠤᠳᠠᠭ᠎ᠠ ᠲᠠᠢ ᠃ ᠬᠡᠤᠬᠡᠳᠯᠢᠭ ᠪᠤᠳᠤᠯ ᠰᠡᠳᠬᠢᠯ ᠳᠤ ᠮᠢᠨᠢ ᠶᠠᠭᠠᠬᠢᠭᠠᠳ ᠲᠡᠶᠢᠮᠦ ᠬᠦᠨᠳᠦ ᠬᠡᠴᠡᠬᠦᠦ ᠠᠰᠠᠭᠤᠯᠳᠠ ᠤᠷᠤᠵᠦ ᠢᠷᠡᠳᠡᠭ ᠪᠠᠶᠢᠭᠰᠠᠨ ᠪᠤᠯ ᠡ︖ ᠰᠡᠬᠦᠯᠡᠷ ᠨᠢ ᠰᠤᠷᠤᠯᠭ᠎ᠠ ᠰᠤᠶᠤᠯ ᠤᠨ ᠮᠦᠷ ᠬᠦᠭᠡᠭᠡᠵᠦ᠂ ᠲᠡᠭᠡᠳᠦ ᠲᠤᠮᠳᠠᠳᠦ ᠪᠠᠨ ᠲᠡᠬᠦᠰᠭᠡᠭᠡᠳ ᠶᠡᠭᠡ ᠰᠤᠷᠭᠠᠭᠤᠯᠢ ᠳᠤ ᠰᠢᠯᠭᠠᠭᠤᠯᠬᠤ ᠦᠶ᠎ᠠ ᠪᠠᠷ ᠮᠤᠩᠭᠤᠯ ᠬᠡᠯᠡᠨ ᠤ ᠰᠢᠯᠭᠠᠯᠳᠠ ᠳᠤ ︽ᠬᠦᠮᠦᠨ ᠤ ᠠᠮᠢ ᠨᠠᠰᠤᠨ ᠤ ᠦᠨ᠎ᠠ ᠴᠡᠨ᠎ᠠ︾ ᠭᠡᠳᠡᠭ ᠭᠠᠷᠴᠠᠭ ᠲᠠᠢ ᠵᠤᠬᠢᠶᠠᠯ ᠭᠠᠷᠤᠭᠰᠠᠨ ᠪᠠᠶᠢᠯ᠎ᠠ᠃ ᠡᠨᠡ ᠭᠠᠷᠴᠠᠭ ᠢᠶᠠᠷ ᠮᠤᠩᠭᠤᠯ ᠬᠡᠯᠡᠨ ᠤ ᠳ᠋ᠧ᠊ ᠪᠠᠭᠰᠢ ᠮᠢᠨᠢ ᠤᠯᠠᠨ ᠤᠳᠠᠭ᠎ᠠ ᠵᠢᠯᠤᠭᠤᠳᠤᠨ᠂ ᠰᠢᠬᠦᠮᠵᠢᠯᠡᠨ ᠦᠬᠦᠯᠡᠭᠰᠡᠨ ᠵᠤᠬᠢᠶᠠᠯ ᠪᠢᠴᠢᠬᠦᠯᠳᠡᠭ ᠪᠠᠶᠢᠭᠰᠠᠨ ᠲᠤᠯᠠ ᠫᠡᠧᠧᠯ · ᠺᠤᠷᠴᠢᠺᠢᠨ᠂ ᠵᠠᠩ ᠬᠠᠢ ᠳ᠋ᠢ ᠨᠠᠷ ᠢᠶᠠᠷ ᠡᠰᠢ ᠪᠠᠷᠢᠮᠳᠠ ᠪᠤᠯᠭᠠᠵᠦ᠂ ᠬᠦᠮᠦᠨ ᠠᠮᠢ ᠨᠠᠰᠦ ᠪᠠᠨ ᠠᠷᠠᠳ ᠲᠦᠮᠡᠨ ᠳᠤ ᠦᠢᠯᠡᠴᠢᠯᠡᠬᠦ ᠢᠷᠠᠭᠤ ᠠᠯᠳᠠᠷᠳᠦ ᠦᠢᠯᠡᠰ ᠤᠨ ᠲᠦᠯᠦᠭᠡ ᠡᠷᠬᠦᠨ ᠵᠤᠷᠢᠭᠤᠯᠪᠠᠯ ᠰᠠᠶ᠋ᠢ ᠦᠨ᠎ᠠ ᠴᠡᠨ᠎ᠠ ᠲᠠᠢ᠂ ᠤᠳᠬ᠎ᠠ ᠠᠭᠤᠯᠭ᠎ᠠ ᠲᠠᠢ ᠪᠤᠯᠤᠨ᠎ᠠ ᠭᠡᠳᠡᠭ ᠭᠤᠤᠯ ᠦᠵᠡᠯᠳᠡ ᠪᠠᠨ ᠨᠤᠳᠠᠯᠠᠨ ᠪᠢᠴᠢᠭᠰᠡᠨ ᠪᠠᠶᠢᠯ᠎ᠠ᠃ ᠲᠡᠬᠦᠨ ᠠᠴᠠ ᠬᠤᠶᠢᠰᠢ ᠪᠢ ᠬᠦᠮᠦᠨ ᠶᠠᠭᠤᠨ ᠤ ᠲᠦᠯᠦᠭᠡ ᠠᠮᠢᠳᠤᠷᠠᠬᠤ ᠲᠤᠬᠠᠢ᠂ ᠬᠦᠮᠦᠨ ᠤ ᠠᠮᠢ ᠨᠠᠰᠤᠨ ᠤ ᠦᠨ᠎ᠠ ᠴᠡᠨ᠎ᠠ ᠨᠢ ᠴᠤᠬᠤᠮ ᠶᠠᠭᠤ ᠪᠤᠯᠬᠤ ᠲᠤᠬᠠᠢ ᠦᠷᠬᠦᠯᠵᠢ ᠰᠡᠳᠬᠢᠨ ᠲᠤᠩᠭᠠᠵᠦ ᠶᠠᠪᠤᠳᠠᠭ ᠪᠤᠯᠤᠭᠰᠠᠨ ᠶᠤᠮ᠃     ᠬᠦᠮᠦᠨ ᠬᠡᠭᠴᠢ ᠶᠡᠷᠦ ᠨᠢ ᠨᠡᠶᠢᠭᠡᠮ ᠤᠨ ᠬᠦᠮᠦᠨ ᠪᠤᠯᠬᠤᠷ ᠵᠦᠪᠬᠡᠨ ᠢᠳᠡᠵᠦ ᠤᠤᠭᠤᠵᠦ᠂ ᠨᠠᠭᠠᠳᠴᠦ ᠴᠡᠩᠭᠡᠬᠦ ᠶᠢᠨ ᠲᠦᠯᠦᠭᠡ ᠠᠮᠢᠳᠤᠷᠠᠬᠤ ᠳᠤ ᠬᠦᠷᠪᠡᠯ ᠶᠠᠮᠠᠷ ᠴᠦ ᠦᠢᠯᠡᠰ ᠢ ᠪᠦᠳᠦᠭᠡᠵᠦ ᠴᠢᠳᠠᠬᠤ ᠦᠭᠡᠢ ᠮᠦᠷᠳᠡᠭᠡᠨ ᠠᠮᠢ ᠨᠠᠰᠦ ᠨᠢ ᠦᠨ᠎ᠠ ᠴᠡᠨ᠎ᠠ ᠪᠠᠨ ᠠᠯᠳᠠᠬᠤ ᠪᠤᠯᠤᠨ᠎ᠠ᠃ ᠬᠠᠷᠢᠨ ᠤᠷᠤᠰᠢᠨ ᠠᠮᠢᠳᠤᠷᠠᠵᠦ ᠪᠠᠶᠢᠭ᠎ᠠ ᠨᠡᠶᠢᠭᠡᠮ ᠨᠡᠶᠢᠳᠡ ᠳᠡᠭᠡᠨ ᠢᠯᠡᠬᠦᠭᠡᠨ ᠬᠦᠴᠦᠨ ᠵᠢᠳᠬᠦᠯ ᠢᠶᠠᠨ ᠡᠷᠬᠦᠵᠦ᠂ ᠤᠯᠤᠰ ᠦᠨᠳᠦᠰᠦᠳᠡᠨ ᠤ ᠪᠠᠨ ᠬᠦᠭᠵᠢᠯᠳᠡ ᠶᠢᠨ ᠦᠢᠯᠡᠰ ᠲᠤ ᠵᠢᠳᠬᠦᠵᠦ ᠶᠠᠪᠤᠪᠠᠯ ᠬᠦᠮᠦᠨ ᠤ ᠠᠮᠢ ᠨᠠᠰᠤᠨ ᠤ ᠦᠨ᠎ᠠ ᠴᠡᠨ᠎ᠠ ᠨᠢ ᠠᠶᠠᠨᠳᠠᠭᠠᠨ ᠡᠷᠬᠢᠮ ᠲᠡᠭᠡᠳᠦ ᠪᠤᠯᠵᠦ ᠢᠷᠡᠨ᠎ᠠ᠃ ︽ᠠᠮᠢ ᠨᠠᠰᠦ ᠪᠠᠨ ᠲᠤᠵᠢ ᠳᠠᠭᠠᠨ ᠬᠦᠰᠡᠯ ᠲᠡᠮᠡᠤᠯᠡᠯ ᠤᠨ ᠲᠤᠮᠳᠠ ᠦᠡᠭᠭᠡᠷᠡᠬᠦᠯᠪᠡᠯ ᠡᠨᠡ ᠨᠠᠰᠤᠨ ᠳᠤ ᠴᠢᠨᠢ ᠡᠷᠬᠢᠮ ᠰᠠᠶᠢᠬᠠᠨ ᠠᠵᠠ ᠲᠤᠬᠢᠶᠠᠯ ᠵᠦᠡᠭᠳᠡᠭᠡᠨ ᠤᠯᠳᠠᠬᠤ ᠶᠤᠮ︾᠂ ︽ᠬᠦᠮᠦᠨ ᠲᠦᠷᠦᠭᠰᠡᠨ ᠲᠡᠷᠡ ᠴᠠᠭ ᠠᠴᠠ ᠪᠠᠨ ᠡᠬᠢᠯᠡᠭᠡᠳ ᠦᠬᠦᠯ ᠤᠨ ᠪᠤᠯᠠᠰᠢ ᠦᠭᠡᠳᠡ ᠪᠠᠨ ᠠᠯᠬᠤᠮ ᠠᠯᠬᠤᠮ ᠢᠶᠠᠷ ᠤᠢᠢᠷᠠᠳᠴᠦ ᠤᠴᠢᠳᠠᠭ︾ ᠭᠡᠵᠦ ᠮᠡᠷᠭᠡᠳ ᠦᠬᠦᠯᠡᠭᠰᠡᠨ ᠪᠠᠶᠢᠳᠠᠭ᠃ ᠠᠮᠢᠳᠤᠷᠠᠯ ᠭᠡᠳᠡᠭ ᠶᠡᠷᠦ ᠨᠢ ᠲᠦᠷᠦᠬᠦ ᠠᠴᠠ ᠦᠬᠦᠬᠦ ᠶᠢᠨ ᠬᠤᠭᠤᠷᠤᠨᠳᠤᠬᠢ ᠲᠡᠮᠡᠴᠡᠯ ᠮᠦᠨ᠃ ᠠᠮᠢᠳᠤᠷᠠᠨ᠎ᠠ ᠭᠡᠳᠡᠭ ᠬᠦᠮᠦᠨ ᠪᠤᠯᠭᠠᠨ ᠤ ᠤᠬᠠᠭᠠᠵᠢᠵᠦ ᠲᠤᠮᠤᠭᠠᠵᠢᠬᠤ᠂ ᠦᠭᠡᠳᠡᠯᠡᠵᠦ ᠤᠷᠤᠭᠤᠳᠠᠬᠤ᠂ ᠦᠷᠡᠵᠢᠵᠦ ᠦᠬᠦᠰᠢᠷᠡᠬᠦ ᠴᠠᠭ ᠬᠤᠭᠤᠴᠠᠭᠠᠨ ᠤ ᠡᠯᠡᠭᠡᠯᠳᠡ ᠪᠠᠶᠢᠭ᠎ᠠ ᠶᠤᠮ᠃ ᠴᠠᠭ ᠬᠤᠭᠤᠴᠠᠭ᠎ᠠ ᠭᠡᠳᠡᠭ ᠮᠦᠡᠭᠭᠡ ᠶᠢᠨ ᠵᠦᠢᠯ ᠡ᠂ ᠬᠠᠷᠢᠨ ᠬᠦᠮᠦᠨ ᠦᠪᠡᠷ ᠢᠶᠠᠨ ᠴᠠᠭ ᠬᠤᠭᠤᠴᠠᠭᠠᠨ ᠤ ᠡᠯᠡᠭᠡᠯᠳᠡ ᠶᠢ ᠲᠠᠭᠠᠭᠠᠵᠦ ᠲᠡᠶᠢᠯᠬᠦ ᠦᠭᠡᠢ ᠪᠠᠷ ᠴᠠᠭ ᠬᠤᠭᠤᠴᠠᠭᠠᠨ ᠳᠤ ᠤᠷᠤᠰᠤᠭᠳᠠᠨ ᠤᠳᠴᠦ᠂ ᠲᠡᠤᠭᠡ ᠶᠢᠨ ᠤᠷᠳᠦ ᠠᠶᠠᠨ ᠳᠤ ᠠᠮᠠᠷᠬᠠᠨ ᠮᠠᠷᠳᠠᠭᠳᠠᠵᠦ ᠤᠷᠬᠢᠭᠳᠠᠨ᠎ᠠ᠃ ᠬᠤᠷᠸ᠎ᠠ ᠶᠢᠨ ᠡᠨᠡ ᠬᠦ ᠬᠠᠳᠠᠭᠤ ᠬᠠᠤᠯᠢ ᠶᠢ ᠬᠡᠨ ᠴᠦ ᠵᠦᠷᠢᠴᠡᠵᠦ ᠴᠢᠳᠠᠬᠤ ᠦᠭᠡᠢ ᠴᠦ ᠠᠮᠢ ᠨᠠᠰᠤᠨ ᠤ ᠦᠨ᠎ᠠ ᠴᠡᠨ᠎ᠠ — ᠠᠷᠢᠭᠤᠨ ᠵᠢᠳᠬᠦᠯ᠂ ᠠᠤᠭ᠎ᠠ ᠪᠦᠳᠦᠭᠡᠯ ᠢᠶᠠᠷ ᠢᠶᠠᠨ ᠠᠮᠢ ᠨᠠᠰᠤᠨ ᠤ ᠠᠯᠳᠠᠨ ᠬᠠᠭᠤᠳᠠᠰᠦ ᠪᠠᠨ ᠮᠦᠡᠭᠬᠡᠯᠡᠬᠦ ᠬᠦᠮᠦᠨ ᠴᠦ ᠠᠯᠢ ᠤᠯᠠᠨ ᠭᠠᠷᠳᠠᠭ ᠰᠠᠨ᠃       ᠤᠷᠴᠢᠮ ᠲᠧᠯᠧᠢᠰ ᠲᠡᠭᠡᠷ᠎ᠠ ᠠᠴᠠ ᠬᠦᠨᠳᠦ ᠡᠪᠡᠳᠴᠢᠨ ᠳᠤ ᠨᠡᠷᠪᠡᠭᠳᠡᠭᠰᠡᠨ ᠨᠢᠭᠡᠨ ᠠᠬᠠᠮᠠᠳ ᠰᠢᠨᠵᠢᠯᠡᠬᠦ ᠤᠬᠠᠭᠠᠨᠳᠡᠨ᠂ ᠡᠪᠡᠳᠴᠢᠨ ᠤ ᠤᠷᠤᠨ ᠲᠡᠭᠡᠷ᠎ᠠ ᠪᠠᠨ ᠡᠷᠳᠡᠮ ᠰᠢᠨᠵᠢᠯᠡᠭᠡᠨ ᠤ ᠬᠦᠴᠢᠷ ᠰᠡᠳᠦᠪ ᠢ ᠰᠤᠳᠤᠯᠤᠨ ᠰᠢᠨᠵᠢᠯᠡᠵᠦ᠂ ᠡᠴᠦᠰ ᠤᠨ ᠳ᠋ᠦᠡᠭ ᠭᠠᠷᠭᠠᠵᠦ ᠪᠠᠷᠠᠭᠠᠳ ᠰᠠᠶ᠋ᠢ ᠰᠠᠨᠠᠭ᠎ᠠ ᠠᠮᠤᠷ ᠨᠢᠳᠦ ᠪᠠᠨ ᠠᠨᠢᠵᠦ ᠮᠦᠡᠭᠭᠡ ᠨᠦᠢᠷᠰᠤᠭᠰᠠᠨ ᠮᠡᠳᠡᠭᠡ ᠶᠢ ᠤᠯᠵᠦ ᠦᠵᠡᠯ᠎ᠠ᠃ ᠬᠦᠮᠦᠨ ᠬᠤᠷᠸ᠎ᠠ ᠶᠢᠷᠳᠢᠨᠴᠦ ᠠᠴᠠ ᠦᠨᠢᠳᠡ ᠠᠶᠠᠷᠯᠠᠬᠤ ᠶᠢᠨ ᠠᠭᠱᠠᠨ ᠳᠤ ᠦᠪᠡᠷ ᠤᠨ ᠨᠢᠭᠡ ᠨᠠᠰᠦ ᠪᠠᠨ ᠬᠦᠮᠦᠨ ᠲᠦᠷᠦᠯᠬᠢᠳᠡᠨ ᠤ ᠬᠦᠭᠵᠢᠯᠳᠡ ᠶᠢᠨ ᠦᠢᠯᠡᠰ ᠲᠤ ᠡᠷᠬᠦᠨ ᠵᠤᠷᠢᠭᠤᠯᠵᠦ ᠴᠢᠳᠠᠵᠠᠢ ᠭᠡᠵᠦ ᠪᠤᠳᠤᠬᠤ ᠪᠠᠷ ᠢᠶᠠᠨ ᠰᠠᠨᠠᠭ᠎ᠠ ᠠᠮᠤᠷ ᠰᠡᠳᠬᠢᠯ ᠲᠡᠨᠢᠬᠦᠭᠡᠨ ᠮᠦᠡᠭᠭᠡ ᠵᠢᠷᠭᠠᠳᠠᠭ ᠠᠵᠢ᠃ ᠲᠠᠶᠢᠸᠠᠨ ᠤ ᠨᠢᠭᠡᠨ ᠠᠯᠳᠠᠷᠳᠦ ᠲᠤᠭᠯᠠᠭᠴᠢ ︽ᠦᠪᠡᠷ ᠢᠶᠠᠨ ᠬᠡᠷᠪᠡ ᠦᠬᠦᠬᠦ ᠳᠤ ᠬᠦᠷᠪᠡᠯ ᠡᠨᠡ ᠪᠡᠶ᠎ᠠ ᠶᠢᠨ ᠢᠶᠠᠨ ᠬᠡᠷᠡᠭ ᠲᠠᠢ ᠡᠷᠭᠡᠳᠡᠨ ᠢᠶᠠᠨ ᠬᠡᠷᠡᠭᠴᠡᠭᠡ ᠲᠠᠢ ᠬᠦᠮᠦᠰ ᠲᠤ ᠡᠷᠬᠦᠨ ᠵᠤᠷᠢᠭᠤᠯᠤᠨ᠎ᠡ︾ ᠭᠡᠰᠡᠨ ᠭᠠᠯ ᠬᠠᠯᠠᠭᠤᠨ ᠬᠦᠰᠡᠯ ᠵᠤᠷᠢᠭ ᠢᠶᠠᠨ ᠢᠯᠡᠳᠭᠡᠪᠡ᠃ ᠲᠡᠷᠡ᠄ ︽ᠡᠵᠢ ᠠᠪᠤ ᠮᠠᠨᠢ ᠡᠷᠡᠬᠦᠯ ᠰᠠᠷᠠᠭᠤᠯ ᠪᠡᠶ᠎ᠠ ᠮᠠᠬᠠᠪᠤᠳ᠂ ᠡᠷᠬᠢᠮ ᠲᠡᠭᠡᠳᠦ ᠠᠮᠢ ᠨᠠᠰᠦ ᠶᠢ ᠮᠠᠨ ᠳᠤ ᠤᠯᠭᠤᠵᠦ ᠦᠭᠬᠦᠭᠰᠡᠨ᠃ ᠪᠢᠳᠡ ᠪᠡᠶ᠎ᠠ ᠮᠠᠬᠠᠪᠤᠳ ᠢᠶᠠᠨ ᠨᠠᠨᠳᠢᠩᠨᠠᠨ ᠬᠠᠶᠢᠷᠠᠯᠠᠵᠦ ᠠᠮᠢᠳᠤᠷᠠᠬᠤ ᠬᠡᠷᠡᠭᠳᠠᠢ ᠪᠦᠭᠡᠳ ᠬᠦᠮᠦᠨ ᠤ ᠠᠮᠢᠳᠤᠷᠠᠯ ᠤᠨ ᠡᠴᠦᠰ ᠤᠨ ᠴᠡᠭ ᠲᠡᠭᠡᠨ ᠬᠦᠷᠦᠭᠰᠡᠨ ᠴᠦ ᠡᠷᠡᠬᠦᠯ ᠰᠠᠶᠢᠬᠠᠨ ᠡᠷᠭᠡᠳᠡᠨ ᠮᠠᠬᠠᠪᠤᠳ ᠢᠶᠠᠷ ᠢᠶᠠᠨ ᠦᠭᠡᠷ᠎ᠠ ᠪᠤᠰᠤᠳ ᠤᠨ ᠪᠡᠶ᠎ᠠ ᠴᠤᠭᠴᠠᠰ ᠲᠡᠭᠡᠷ᠎ᠠ ᠦᠷᠬᠦᠯᠵᠢᠯᠡᠨ ᠠᠮᠢᠳᠤᠷᠠᠵᠦ ᠪᠤᠯᠬᠤ ᠶᠤᠮ︾ ᠭᠡᠵᠦ ᠬᠦᠨ ᠤᠬᠠᠭᠠᠯᠢᠭ ᠢᠶᠠᠷ ᠰᠢᠭᠤᠳ ᠰᠢᠯᠤᠭᠤᠬᠠᠨ ᠦᠬᠦᠯᠡᠵᠠᠢ᠃       ᠬᠦᠮᠦᠨ ᠦᠬᠦᠪᠡᠯ ᠲᠠᠷᠤᠢ ᠦᠨᠡᠰᠦᠨ ᠲᠤᠪᠷᠠᠭ᠂ ᠬᠤᠪᠠᠭ᠋ᠠᠢ ᠶᠠᠰᠤ ᠪᠤᠯᠤᠨ᠎ᠠ ᠭᠡᠳᠡᠭ ᠢ ᠡᠳᠡᠭᠡᠷ ᠬᠦᠮᠦᠰ ᠬᠦᠨᠵᠡᠭᠡᠢ ᠤᠬᠠᠵᠦ ᠤᠢᠢᠯᠠᠭᠠᠳᠠᠭ ᠪᠤᠯᠬᠤᠷ ᠬᠢᠵᠠᠭᠠᠷ ᠲᠠᠢ ᠠᠮᠢ ᠨᠠᠰᠦ ᠪᠠᠨ ᠬᠢᠵᠠᠭᠠᠷ ᠦᠭᠡᠢ ᠦᠢᠯᠡᠰ ᠲᠡᠭᠡᠨ ᠵᠤᠷᠢᠭᠤᠯᠵᠦ᠂ ᠬᠠᠶᠢᠷᠠᠯᠠᠵᠦ ᠭᠠᠮᠨᠠᠭᠰᠠᠨ ᠪᠡᠶ᠎ᠠ ᠴᠤᠭᠴᠠᠰ ᠢᠶᠠᠨ ᠬᠠᠷᠠᠮ ᠦᠭᠡᠢ ᠪᠠᠷ ᠪᠤᠰᠤᠳ ᠲᠤ ᠡᠷᠬᠦᠬᠦ ᠡᠷᠬᠢᠮ ᠨᠠᠨᠳᠢᠨ ᠵᠤᠷᠢᠭ ᠰᠠᠨᠠᠭ᠎ᠠ ᠲᠠᠢ ᠪᠠᠶᠢᠳᠠᠭ ᠠᠵᠢ᠃ ᠲᠡᠳᠡᠨ ᠤ ᠠᠮᠢᠳᠤᠷᠠᠯ ᠤᠨ ᠠᠯᠳᠠᠨ ᠬᠠᠭᠤᠳᠠᠰᠦ ᠨᠢ ᠦᠨᠢ ᠡᠬᠦᠷᠢᠳᠡ ᠭᠡᠷᠡᠯ ᠬᠢᠯᠪᠠᠭ᠎ᠠ ᠰᠠᠴᠤᠷᠠᠬᠤ ᠨᠢ ᠯᠠᠪᠳᠠᠢ ᠶᠤᠮ᠃     ᠤᠳᠦ ᠪᠢ ᠤᠨᠠᠭᠠᠨ ᠨᠠᠰᠦᠨ ᠤ ᠨᠢᠯᠬᠠᠰᠠᠭ ᠪᠤᠳᠤᠯ ᠳᠠᠭᠠᠨ ᠢᠨᠢᠶᠡᠳᠦ ᠬᠦᠷᠳᠡᠭ ᠪᠤᠯᠤᠯ᠎ᠠ᠃ ᠤᠤᠯ ᠨᠢ ︽ᠪᠤᠷᠬᠠᠨ ᠲᠡᠭᠷᠢ︾ ᠠᠴᠠ ᠬᠦᠮᠦᠨ ᠪᠤᠯᠭᠠᠨ ᠳᠤ ᠨᠢᠭᠡ ᠬᠤᠪᠢ ᠠᠮᠢᠳᠤᠷᠠᠯ ᠤᠨ ᠠᠯᠳᠠᠨ ᠬᠠᠭᠤᠳᠠᠰᠦ ᠱᠠᠩᠨᠠᠨ ᠲᠦᠭᠡᠭᠡᠭᠰᠡᠨ ᠪᠠᠶᠢᠵᠠᠢ᠃ ᠲᠦᠡᠭᠭᠡᠵᠦ ᠤᠬᠠᠭ᠎ᠠ ᠰᠡᠭᠡᠭᠡ ᠤᠷᠤᠬᠤ ᠦᠶ᠎ᠠ ᠶᠢᠨ ᠮᠢᠨᠦ ᠠᠮᠢᠳᠤᠷᠠᠯ ᠤᠨ ᠬᠠᠭᠤᠳᠠᠰᠤᠨ ᠳᠤ ᠠᠯᠠᠭ ᠪᠤᠯᠠᠭ ᠴᠠᠭᠠᠨ ᠲᠤᠯᠤᠭᠠᠢ ᠲᠤᠩᠬᠤᠯᠵᠠᠵᠦ ᠪᠠᠶᠢᠭᠰᠠᠨ ᠪᠤᠯ ᠠᠮᠢᠳᠤᠷᠠᠯ ᠰᠤᠷᠤᠯᠭ᠎ᠠ ᠶᠢᠨ ᠨᠤᠭᠤᠴᠠᠭᠠᠨ ᠳᠤ ᠤᠬᠠᠭᠠᠵᠢᠵᠦ ᠲᠤᠮᠤᠭᠠᠵᠢᠭᠰᠠᠨ ᠦᠨᠦᠳᠦᠷ ᠬᠠᠷᠢᠨ ᠬᠠᠭᠠᠰ ᠢᠯᠡᠬᠦᠦ ᠬᠠᠭᠤᠳᠠᠰᠤᠨ ᠳᠤ ᠬᠠᠯᠠᠭᠤᠨ ᠲᠤᠯᠠᠭᠠᠨ ᠮᠦᠷ ᠪᠠᠳᠠᠭ ᠤᠳ ᠲᠤᠷᠠᠶᠢᠵᠦ᠂ ᠤᠶᠠᠩᠭᠠᠯᠢᠭ᠂ ᠷᠤᠮᠠᠨᠲ᠋ᠢᠭ ᠪᠤᠶᠦ ᠠᠮᠢᠨᠴᠢᠬᠠᠨ ᠦᠡᠭᠭᠡ ᠠᠶᠠᠰ ᠢᠶᠠᠷ ᠴᠢᠮᠡᠭᠳᠡᠨ᠂ ᠠᠮᠢ ᠨᠠᠰᠤᠨ ᠤ ᠭᠡᠷᠡᠯ ᠬᠢᠯᠪᠠᠭ᠎ᠠ ᠬᠢᠯᠠᠰᠬᠢᠨ ᠲᠤᠸᠠᠯᠠᠵᠦ ᠪᠠᠶᠢᠭ᠎ᠠ ᠴᠦ ᠶᠤᠮ ᠰᠢᠬ ᠪᠤᠳᠤᠭᠳᠠᠨ᠎ᠠ᠃         ᠲᠡᠶᠢᠮᠦ ᠡ᠂ ᠪᠢᠳᠡ ᠠᠮᠢ ᠨᠠᠰᠤᠨ ᠤ ᠠᠯᠳᠠᠨ ᠬᠠᠭᠤᠳᠠᠰᠦ ᠪᠠᠨ ᠪᠦᠷᠢᠨ ᠪᠦᠳᠦᠨ ᠲᠤᠷᠠᠶᠢᠳᠠᠯ᠎ᠠ ᠰᠠᠶᠢᠬᠠᠨ ᠪᠢᠴᠢᠵᠦ᠂ ᠦᠨ᠎ᠠ ᠴᠡᠨ᠎ᠠ ᠪᠦᠬᠦᠢ ᠬᠢᠷᠢ ᠲᠡᠩᠴᠡᠭᠰᠡᠨ ᠬᠠᠭᠤᠳᠠᠰᠦ ᠶᠢ ︽ᠲᠡᠭᠡᠳᠦ ᠲᠡᠭᠷᠢ︾ ᠳᠡᠭᠡᠨ ᠲᠤᠰᠢᠶᠠᠬᠤ ᠬᠡᠷᠡᠭᠳᠠᠢ ᠶᠤᠮ ᠰᠢᠦ᠃                                                                                                                              ᠵᠣᠬᠢᠶᠠᠭᠴᠢ᠄ ᠰᠧᠷᠡᠨᠪᠠᠲᠤ
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号