《 ᠮᠤᠩᠭᠤᠯ ᠤᠨ ᠨᠢᠭᠤᠴᠠ ᠲᠤᠪᠴᠢᠶᠠᠨ 》 ᠤ 780 ᠵᠢᠯ ᠤᠨ ᠤᠢ ᠶᠢ ᠳᠤᠷᠠᠰᠬᠠᠬᠤ ᠪᠦᠬᠦ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠬᠦᠬᠡᠬᠤᠲᠠ ᠳᠤ ᠪᠤᠯᠪᠠ
ᠨᠡᠶᠢᠲᠡᠯᠡᠭᠰᠡᠨ ᠴᠠᠭ᠄
2020/12/29
    ᠥᠪᠦᠷ  ᠮᠤᠩᠭᠤᠯ ᠤᠨ  ᠶᠡᠭᠡ  ᠰᠤᠷᠭᠠᠭᠤᠯᠢ ᠶᠢᠨ  ᠮᠤᠩᠭᠤᠯ  ᠰᠤᠳᠤᠯᠤᠯ ᠤᠨ  ᠳᠡᠭᠡᠳᠦ  ᠰᠤᠷᠭᠠᠭᠤᠯᠢ   ᠪᠤᠯᠤᠨ‌ᠥᠪᠦᠷ ‍ᠮᠤᠩᠭᠤᠯ ᠤᠨ ᠶᠡᠭᠡ ᠰᠤᠷᠭᠠᠭᠤᠯᠢ ᠶᠢᠨ 《ᠮᠤᠩᠭᠤᠯ ᠤᠨ ᠨᠢᠭᠤᠴᠠ ᠲᠤᠪᠴᠢᠶᠠᠨ》 ᠤ ᠰᠤᠳᠤᠯᠤᠯ ᠤᠨ ᠲᠥᠪ ᠡᠴᠡ‌‍ᠰᠠᠨᠠᠭᠠᠴᠢᠯᠠᠨ ᠡᠷᠬᠢᠯᠡᠭᠰᠡᠨ 《ᠤᠯᠤᠰ ᠤᠨ ᠲᠤᠳᠤᠭᠠᠳᠤ  ᠭᠠᠳᠠᠭᠠᠳᠤ ᠶᠢᠨ〈ᠮᠤᠩᠭᠤᠯ ᠤᠨ  ᠨᠢᠭᠤᠴᠠ  ᠲᠤᠪᠴᠢᠶᠠᠨ〉 ‍ᠤ‌‍ᠬᠡᠪᠯᠡᠯ ᠤᠨ ᠴᠤᠭᠯᠠᠭᠤᠯᠭ᠎ᠠ ᠪᠠ ᠤᠭ ᠡᠬᠡ ᠶᠢᠨ ᠬᠠᠮ ᠰᠤᠳᠤᠯᠭ᠎ᠠ》 ᠬᠡᠬᠦ ᠤᠯᠤᠰ ᠤᠨ ᠲᠤᠮᠤ ᠲᠦᠰᠦᠯ ᠢ ᠠᠬᠢᠭᠤᠯᠬᠤ ᠵᠢᠴᠢ《ᠮᠤᠩᠭᠤᠯ ᠤᠨ ᠨᠢᠭᠤᠴᠠ ᠲᠤᠪᠴᠢᠶᠠᠨ》 ᠵᠤᠬᠢᠶᠠᠭᠳᠠᠭᠰᠠᠨ 780 ᠵᠢᠯ ᠤᠨ  ᠤᠢ ᠶᠢ  ᠳᠤᠷᠠᠰᠬᠠᠨ  ᠲᠡᠮᠳᠡᠭᠯᠡᠬᠦ  ᠪᠦᠬᠦ‌ᠤᠯᠤᠰ ᠤᠨ ᠡᠷᠳᠡᠮ ᠰᠢᠨᠵᠢᠯᠡᠭᠡᠨ ᠤ ᠬᠤᠷᠠᠯ 12 ᠰᠠᠷ᠎ᠠ ᠶᠢᠨ 19 ᠤ ᠡᠳᠦᠷ ᠬᠦᠬᠡᠬᠤᠲᠠ ᠳᠤ ᠨᠡᠭᠡᠭᠡᠯᠲᠡ ᠪᠠᠨ ᠬᠢᠵᠤ  ᠬᠤᠶᠠᠷ‌ᠡᠳᠦᠷ ᠤᠨ ᠬᠤᠭᠤᠴᠠᠭ᠎ᠠ ᠲᠠᠢ ᠶᠠᠪᠤᠭᠳᠠᠯ᠎ᠠ᠃  
   
    ᠬᠤᠷᠠᠯ ᠳᠤ ᠤᠯᠤᠰ ᠤᠨ  ᠳᠤᠲᠤᠭᠠᠳᠤ ᠶᠢᠨ  40  ᠭᠠᠷᠤᠢ  ᠡᠷᠳᠡᠮᠲᠡᠨ  ᠰᠤᠳᠤᠯᠤᠭᠠᠴᠢ  ᠮᠤᠷᠢᠯᠠᠨ  ᠰᠠᠭᠠᠲᠠᠵᠤ᠂《〈ᠮᠤᠩᠭᠤᠯ ᠤᠨ  ᠨᠢᠭᠤᠴᠠ  ᠳᠤᠪᠴᠢᠶᠠᠨ〉 ᠠᠴᠠ  ᠡᠷᠳᠡᠨ ᠤ  ᠮᠤᠩᠭᠤᠯᠴᠤᠳ ᠤᠨ  ᠰᠡᠳᠬᠢᠯᠬᠡᠨ ᠤ   ᠤᠨᠴᠠᠯᠢᠭ ‍ᠢ‌‍ᠰᠢᠨᠵᠢᠯᠡᠬᠦ     ᠨᠢ》᠂《ᠠᠯᠳᠠᠨ     ᠤᠯᠤᠰ ᠤᠨ      〈ᠮᠤᠩᠭᠤᠯ ᠤᠨ      ᠨᠢᠭᠤᠴᠠ      ᠳᠤᠪᠴᠢᠶᠠᠨ〉 ‍ᠤ‌‍ᠲ᠋ᠤᠬᠠᠢ》᠂《〈ᠮᠤᠩᠭᠤᠯ ᠤᠨ   ᠨᠢᠭᠤᠴᠠ   ᠳᠤᠪᠴᠢᠶᠠᠨ〉   ᠠᠴᠠ    ᠴᠢᠩᠬᠢᠰ    ᠬᠠᠭᠠᠨ ᠤ    ᠳᠠᠶᠢᠯᠭ᠎ᠠ ᠳ᠋ᠤ᠋‌‍ᠬᠢ〈ᠳᠤᠤᠯ〉ᠶᠠᠮᠤᠳᠠᠳ ᠤᠨ ᠤᠴᠢᠷ  ᠤᠳᠬ᠎ᠠ ᠶᠢ  ᠤᠯᠠᠮᠯᠠᠨ  ᠮᠦᠷᠳᠡᠬᠦ   ᠨᠢ》  ᠵᠡᠷᠬᠡ  ᠲᠠᠪᠢ  ᠭᠠᠷᠤᠢ  ᠦᠭᠦᠯᠡᠯ‌‍ᠲ᠋ᠡᠪᠰᠢᠭᠦᠯᠦᠨ ᠭᠤᠤᠯ ᠰᠡᠳᠦᠪᠲᠦ ᠢᠯᠡᠳᠬᠡᠯ ᠬᠢᠵᠤ᠂ ᠡᠷᠳᠡᠮ ᠰᠢᠨᠵᠢᠯᠡᠭᠡᠨ ᠤ ᠰᠠᠨᠠᠯ ᠢᠶᠠᠨ ᠰᠤᠯᠢᠯᠴᠠᠪᠠ᠃             ᠥᠪᠦᠷ ᠮᠤᠩᠭᠤᠯ ᠤᠨ ᠶᠡᠭᠡ ᠰᠤᠷᠭᠠᠭᠤᠯᠢ ᠶᠢᠨ ᠳᠡᠳ᠋ ᠵᠠᠬᠢᠷᠤᠯ  ᠡᠷᠬᠢᠮᠪᠠᠶᠠᠷ   ᠠᠴᠠ  ᠬᠤᠷᠠᠯ ᠤᠨ  ᠨᠡᠭᠡᠭᠡᠯᠲᠡ ᠵᠢᠨ‌‍ᠶᠤᠰᠤᠯᠠᠯ ᠢᠶᠠᠷ ᠬᠡᠯᠡᠬᠦ ᠳᠡᠭᠡᠨ᠂ ᠰᠢ ᠶᠢᠨ ᠫᠢᠩ ᠶᠡᠷᠦᠩᠬᠡᠢ ᠱᠦᠵᠢ  ᠥᠪᠦᠷ  ᠮᠤᠩᠭᠤᠯ ᠤᠨ  ᠶᠡᠭᠡ  ᠰᠤᠷᠭᠠᠭᠤᠯᠢ ᠳᠤ  ᠠᠵᠢᠯ‌‍ᠪᠠᠢᠴᠠᠭᠠᠬᠤ ᠳᠤ ᠪᠠᠨ ᠡᠷᠲᠡᠨ ᠤ ᠮᠤᠩᠭᠤᠯ ᠨᠤᠮ ᠰᠤᠳᠤᠷ ᠢ ᠴᠤᠭᠯᠠᠭᠤᠯᠬᠤ᠂ ᠡᠮᠬᠢᠳᠬᠡᠬᠦ ᠠᠵᠢᠯ ᠢ ᠴᠢᠩᠭᠠᠳᠬᠠᠵᠤ᠂ ᠲᠡᠭᠦᠨ ‍ᠤ‌‍ᠲ᠋ᠤᠲᠤᠷ᠎ᠠ ᠠᠭᠤᠯᠤᠭᠳᠠᠬᠤ ᠪᠠᠢᠭ᠎ᠠ  ᠦᠨᠳᠦᠰᠦᠲᠡᠨ ᠤ  ᠪᠥᠯᠬᠦᠮᠳᠡᠯ ᠤᠨ  ᠳᠠᠪᠰᠢᠩᠭᠤᠢ  ᠦᠵᠡᠯ  ᠰᠠᠨᠠᠭᠠᠨ ᠤ  ᠠᠭᠤᠯᠬᠤᠨ ‍ᠢ‌ᠠᠭᠤᠳᠠᠯᠠᠵᠤ ᠪᠠᠳᠠᠷᠠᠭᠤᠯᠤᠨ᠂ ᠡᠯ᠎ᠡ ᠦᠨᠳᠦᠰᠦᠲᠡᠨ ᠤ ᠠᠷᠠᠳ ᠲᠦᠮᠡᠨ ᠤ ᠬᠠᠮᠲᠤ ᠪᠠᠷ ᠪᠦᠯᠬᠦᠮᠳᠡᠨ  ᠴᠢᠷᠮᠠᠢᠵᠤ᠂  ᠬᠠᠮᠲᠤ ᠪᠡᠷ‌‍ᠴᠡᠴᠡᠭᠯᠡᠨ ᠬᠦᠭᠵᠢᠬᠦ ᠶᠢ ᠰᠤᠳᠤᠯᠤᠨ ᠰᠤᠷᠲᠠᠯᠴᠢᠯᠠᠬᠤ ᠴᠢᠬᠤᠯᠠᠲᠠᠢ ᠬᠡᠮᠡᠨ ᠵᠢᠭᠠᠪᠤᠷᠢᠯᠠᠭᠰᠠᠨ ᠠᠴᠠ ᠥᠪᠦᠷ ᠮᠤᠩᠭᠤᠯ ᠤᠨ ᠶᠡᠭᠡ‌‍ᠰᠤᠷᠭᠠᠭᠤᠯᠢ  ᠲᠦᠷᠦᠭᠦᠦ   ᠲᠠᠢ  ᠮᠤᠩᠭᠤᠯ  ᠨᠤᠮ  ᠰᠤᠳᠤᠷ ᠤᠨ  ᠴᠤᠭᠯᠠᠭᠤᠯᠭ᠎ᠠ  ᠪᠤᠯᠤᠨ  ᠬᠠᠮᠠᠭᠠᠯᠠᠯᠲᠠ ᠶᠢᠨ  ᠲᠥᠰᠦᠯ ‍ᠢ‌‍ᠴᠢᠬᠤᠯᠠᠴᠢᠯᠠᠨ ᠬᠡᠷᠡᠭᠵᠢᠭᠦᠯᠵᠤ ᠪᠤᠢ ᠭᠡᠵᠠᠢ᠃  
     
    ᠬᠤᠷᠠᠯ ᠢᠶᠠᠷ᠂  ᠳᠤᠮᠳᠠᠳᠤ  ᠤᠯᠤᠰ ᠤᠨ  ᠨᠡᠢᠭᠡᠮ ᠤᠨ  ᠰᠢᠨᠵᠢᠯᠡᠬᠦ  ᠤᠬᠠᠭᠠᠨ ᠤ   ᠬᠦᠷᠢᠶᠡᠯᠡᠩ ᠤᠨ   ᠡᠷᠲᠡᠮᠲᠡᠨ‌‍ᠰᠡᠴᠡᠨᠴᠤᠭᠲᠤ᠂ ᠪᠡᠭᠡᠵᠢᠩ ᠶᠡᠭᠡ ᠰᠤᠷᠭᠠᠭᠤᠯᠢ ᠶᠢᠨ ᠫᠷᠤᠹᠧᠰᠰᠤᠷ ᠴᠧᠨ ᠭᠠᠩ  ᠯᠥᠩ᠂  ᠤᠯᠤᠰ ᠤᠨ  ᠨᠤᠮ ᠤᠨ  ᠰᠠᠩ ‍ᠤᠨ‌ᠡᠷᠲᠡᠨ ᠤ  ᠨᠤᠮ  ᠰᠤᠳᠤᠷ ᠤᠨ  ᠰᠠᠩ ᠤᠨ  ᠰᠠᠩᠴᠢ  ᠰᠠᠷᠠᠩᠭᠤᠸ᠎ᠠ᠂  ᠥᠪᠦᠷ  ᠮᠤᠩᠭᠤᠯ ᠤᠨ  ᠶᠡᠭᠡ   ᠰᠤᠷᠭᠠᠭᠤᠯᠢ ᠵᠢᠨ‌‍ᠫᠷᠤᠹᠧᠰᠰᠤᠷ ᠪᠦᠷᠢᠨᠪᠠᠲᠤ ᠵᠡᠷᠭᠡ ᠡᠷᠳᠡᠮᠲᠡᠨ ᠰᠤᠳᠤᠯᠭᠠᠳᠠᠨ ᠲᠥᠰᠦᠯ ᠤᠨ ᠲᠤᠭᠤᠷᠢᠨ ᠳᠤ ᠡᠷᠳᠡᠮ ᠰᠢᠨᠵᠢᠯᠡᠭᠡᠨ ᠤ ᠶᠠᠷᠢᠯᠴᠠᠭ᠎ᠠ‌ᠥᠷᠨᠢᠭᠦᠯᠪᠡ᠃             ᠥᠪᠦᠷ  ᠮᠤᠩᠭᠤᠯ ᠤᠨ  ᠶᠡᠭᠡ  ᠰᠤᠷᠭᠠᠭᠤᠯᠢ ᠶᠢᠨ   ᠮᠤᠩᠭᠤᠯ   ᠰᠤᠳᠤᠯᠤᠯ ᠤᠨ   ᠳᠡᠭᠡᠳᠦ   ᠰᠤᠷᠭᠠᠭᠤᠯᠢ ᠵᠢᠨ‌‍ᠫᠷᠤᠹᠧᠰᠰᠤᠷ᠂  ᠳ᠋ᠤᠺᠲ᠋ᠤᠷᠠᠨᠲ ᠤᠨ   ᠵᠢᠯᠤᠭᠤᠳᠤᠭᠴᠢ   ᠪᠠᠭᠰᠢ᠂   《ᠮᠤᠩᠭᠤᠯ ᠤᠨ   ᠨᠢᠭᠤᠴᠠ   ᠲᠤᠪᠴᠢᠶᠠᠨ》 ‍ᠤ‌‍ᠰᠤᠳᠤᠯᠤᠯ ᠤᠨ ᠲᠦᠪ ᠤᠨ ᠡᠷᠬᠢᠯᠡᠭᠴᠢ᠂ ᠲᠥᠰᠦᠯ ᠤᠨ ᠲᠡᠷᠢᠭᠦᠨ ᠰᠠᠭᠤᠳᠠᠯ ᠤᠨ ᠮᠡᠷᠭᠡᠵᠢᠯᠲᠡᠨ ᠪᠥᠷᠢᠨᠪᠠᠲᠤ ᠳ᠋ᠤᠺᠲ᠋ᠤᠷ  ᠠᠴᠠ᠂2015 ᠤᠨ ᠠᠴᠠ ᠳᠠᠭᠠᠭᠠᠴᠢᠯᠠᠨ ᠡᠷᠬᠢᠯᠡᠭᠰᠡᠨ 《ᠤᠯᠤᠰ ᠤᠨ ᠨᠡᠢᠭᠡᠮ ᠤᠨ  ᠰᠢᠨᠵᠢᠯᠡᠬᠦ  ᠤᠬᠠᠭᠠᠨ ᠤ  ᠲᠤᠮᠤ  ᠲᠥᠰᠦᠯ‌‍ᠪᠤᠯᠬᠤ《ᠤᠯᠤᠰ ᠤᠨ  ᠳᠤᠲᠤᠭᠠᠳᠤ   ᠭᠠᠳᠠᠭᠠᠳᠤ ᠶᠢᠨ〈ᠮᠤᠩᠭᠤᠯ ᠤᠨ   ᠨᠢᠭᠤᠴᠠ   ᠲᠤᠪᠴᠢᠶᠠᠨ〉 ᠤ   ᠬᠡᠪᠯᠡᠯ ‍ᠤᠨ‌‍ᠴᠤᠭᠯᠠᠭᠤᠯᠭ᠎ᠠ ᠪᠠ  ᠤᠭ  ᠡᠬᠡ ᠶᠢᠨ  ᠬᠠᠮ  ᠰᠤᠳᠤᠯᠭ᠎ᠠ》   ᠶᠢ  ᠪᠡᠶᠡᠯᠡᠭᠦᠯᠬᠦ ᠳᠤ  ᠳᠦᠯᠬᠢᠴᠡ  ᠦᠵᠡᠭᠦᠯᠦᠨ᠂  ᠦᠷ᠎ᠡ‌‍ᠪᠦ᠋ᠲᠦᠭᠡᠯ ᠢ ᠨᠢ  ᠨᠡᠩ  ᠡᠯᠪᠡᠭ  ᠪᠠᠶᠠᠯᠢᠭ  ᠪᠤᠯᠭᠠᠵᠤ  ᠡᠷᠳᠡᠮ  ᠰᠢᠨᠵᠢᠯᠡᠭᠡᠨ ᠤ  ᠲᠦᠪᠰᠢᠨ ᠢ  ᠤᠯᠠᠮ  ᠳᠡᠭᠡᠭᠰᠢᠯᠡᠭᠦᠯᠦᠨ᠂《ᠮᠤᠩᠭᠤᠯ ᠤᠨ ᠨᠢᠭᠤᠴᠠ ᠲᠤᠪᠴᠢᠶᠠᠨ 》 ᠤ  ᠰᠤᠳᠤᠯᠭᠠᠨ ᠤ  ᠲᠠᠯ᠎ᠠ ᠪᠠᠷ  ᠠᠮᠵᠢᠯᠲᠠ  ᠪᠥᠲᠦᠭᠡᠯ   ᠲᠠᠢ  ᠡᠷᠳᠡᠮᠲᠡᠳ ‍ᠢ‌ᠤᠷᠢᠵᠤ ᠰᠠᠨᠠᠯ ᠰᠤᠯᠢᠯᠴᠠᠬᠤ ᠶᠢᠨ ᠲᠥᠯᠦᠭᠡ ᠬᠤᠷᠠᠯ ᠢ ᠵᠤᠬᠢᠶᠠᠨ ᠪᠠᠢᠭᠤᠯᠤᠭᠰᠠᠨ᠃ ᠮᠥᠨ  ᠴᠤ  780  ᠵᠢᠯ ᠤᠨ  ᠤᠢ ᠵᠢ‌‍ᠲ᠋ᠤᠬᠢᠶᠠᠯᠳᠤᠭᠤᠯᠤᠨ ᠮᠤᠩᠭᠤᠯᠴᠤᠳ ᠤᠨ ᠦᠨᠡᠲᠦ ᠥᠪ᠂  ᠤᠯᠠᠨ  ᠤᠯᠤᠰ ᠤᠨ  ᠬᠤᠯᠪᠤᠭᠠᠲᠤ  ᠪᠠᠢᠭᠤᠯᠭ᠎ᠠ ᠶᠢᠨ  ᠰᠤᠷᠭᠠᠨ‌‍ᠬᠦ᠋ᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠢᠭᠤᠯᠤᠯᠲᠠ ᠶᠢᠨ ᠲᠡᠮᠳᠡᠭᠯᠡᠯ ᠳᠤ  ᠪᠥᠷᠢᠳᠬᠡᠭᠦᠯᠦᠭᠰᠡᠨ  ᠳᠡᠯᠡᠬᠡᠢ ᠵᠢᠨ‌‍ᠪᠤᠳᠠᠰ ᠤᠨ ᠪᠤᠰᠤ ᠰᠤᠶᠤᠯ ᠤᠨ  ᠥᠪ  ᠪᠤᠯᠬᠤ  ᠠᠭᠤᠤ  ᠭᠠᠢᠬᠠᠮᠰᠢᠭᠲᠤ  ᠪᠥᠲᠦᠭᠡᠯ ᠤᠨ  ᠴᠢᠨᠠᠭᠰᠢᠲᠠ ᠶᠢᠨ  ᠰᠤᠳᠤᠯᠭᠠᠨ ‍ᠤ‌‍ᠬᠦ᠋ᠭᠵᠢᠯᠲᠡ ᠶᠢ ᠠᠬᠢᠭᠤᠯᠬᠤ ᠳᠤ ᠬᠤᠪᠢ ᠨᠡᠮᠡᠷᠢ ᠦᠵᠡᠬᠦᠯᠬᠦ   ᠪᠤᠯᠤᠭᠠᠰᠠᠢ ᠭᠡᠵᠠᠢ᠃            ᠬᠤᠷᠠᠯ ᠢᠶᠠᠷ᠂  ᠡᠷᠲᠡᠨ ᠤ  ᠠᠭᠤᠤ  ᠪᠥᠲᠦᠭᠡᠯ ᠢ  ᠤᠳᠤᠬᠢᠴᠢᠯᠠᠭᠰᠠᠨ   ᠮᠡᠷᠭᠡᠵᠢᠯ   ᠲᠠᠢ   ᠤᠶᠠᠯᠳᠤᠭᠤᠯᠤᠬᠰᠠᠨ《〈ᠮᠤᠩᠭᠤᠯ ᠤᠨ ᠨᠢᠭᠤᠴᠠ ᠲᠤᠪᠴᠢᠶᠠᠨ〉 ᠤ ᠰᠤᠳᠤᠯᠭᠠᠨ ᠤ  ᠳᠠᠪᠴᠠᠩ》   ᠢ  ᠤᠯᠠᠨ ᠳᠤ  ᠳᠠᠨᠢᠯᠴᠠᠭᠤᠯᠤᠭᠰᠠᠨ‌‍ᠪᠠᠶᠢᠨ᠎ᠠ᠃ ᠡᠨᠡᠬᠦ ᠳᠠᠪᠴᠠᠩ ᠨᠢ  《ᠮᠤᠩᠭᠤᠯ ᠤᠨ  ᠨᠢᠭᠤᠴᠠ  ᠲᠤᠪᠴᠢᠶᠠᠨ》 ᠤ  ᠰᠤᠳᠤᠯᠭᠠᠨ ᠤ  ᠬᠤᠯᠪᠤᠭᠳᠠᠯ  ᠪᠥᠬᠦᠢ‌ᠬᠠᠮᠤᠭ ᠤᠨ ᠰᠢᠨ᠎ᠡ᠂ ᠬᠠᠮᠤᠭ ᠤᠨ ᠪᠦᠷᠢᠨ ᠰᠤᠨᠢᠨ ᠮᠡᠳᠡᠭᠡ᠂ ᠠᠭᠤᠯᠭ᠎ᠠ  ᠵᠢᠴᠢ  ᠡᠷᠳᠡᠮᠲᠡᠳ ᠤᠨ  ᠦᠭᠦᠯᠡᠯ ᠢ  ᠨᠡᠢᠲᠡᠯᠡᠵᠤ᠂ᠠᠳᠠᠯᠢ ᠪᠤᠰᠤ ᠬᠡᠪᠯᠡᠯ ᠤᠨ ᠵᠢᠷᠤᠭ ᠳᠦᠷᠰᠦ ᠪᠤᠯᠤᠨ ᠤᠭ ᠡᠬᠡ ᠶᠢ ᠠᠮᠢᠳᠤ  ᠦᠰᠦᠭ ᠢᠶᠠᠷ  ᠳᠤᠭᠠᠴᠠᠯᠠᠵᠤ᠂  ᠬᠠᠷᠢᠴᠠᠭᠤᠯᠤᠨ‌ᠦᠵᠡᠬᠦ ᠴᠢᠳᠠᠮᠵᠢ ᠲᠠᠢ ᠪᠠᠶᠢᠲᠠᠭ ᠠᠴᠠ ᠡᠷᠳᠡᠮᠲᠡᠨ ᠰᠤᠳᠤᠯᠤᠭᠠᠴᠢᠳ ᠤᠨ ᠦᠭᠦᠯᠡᠯ ᠮᠠᠲ᠋ᠧᠷᠢᠶᠠᠯ ᠡᠷᠢᠬᠦ᠂ ᠰᠤᠳᠤᠯᠭ᠎ᠠ ᠬᠢᠬᠦ ᠳ᠋ᠦ‌‍ᠲ᠋ᠥ᠋ᠭᠦᠮ ᠦᠵᠡᠭᠦᠯᠬᠦ ᠪᠤᠯᠤᠨ᠎ᠠ᠃             ᠬᠤᠷᠠᠯ ᠢᠶᠠᠷ ᠪᠠᠰᠠ 《ᠮᠤᠩᠭᠤᠯ ᠤᠨ  ᠨᠢᠭᠤᠴᠠ  ᠳᠤᠪᠴᠢᠶᠠᠨ》  ᠰᠤᠷᠪᠤᠯᠵᠢ  ᠪᠢᠴᠢᠭ ᠤᠨ  ᠬᠦᠷᠢᠶᠡᠯᠡᠩ ᠤᠨ《ᠮᠤᠩᠭᠤᠯ ᠤᠨ ᠨᠢᠭᠤᠴᠠ ᠳᠤᠪᠴᠢᠶᠠᠨ》 ᠴᠤᠭᠯᠠᠭᠤᠯᠭ᠎ᠠ ᠶᠢ ᠳᠡᠯᠬᠡᠨ ᠦᠵᠡᠬᠦᠯᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号