ᠰᠣᠯᠣᠩᠭᠤᠰ ᠦᠨᠳᠦᠰᠦᠲᠡᠨ
ᠨᠡᠶᠢᠲᠡᠯᠡᠭᠰᠡᠨ ᠴᠠᠭ᠄
2020/9/23
ᠨᠢᠭᠡ᠂ ᠦᠢᠯᠡᠳᠪᠦᠷᠢᠯᠡᠯ ᠪᠠ ᠠᠮᠢᠳᠤᠷᠠᠯ     ᠵᠠᠯᠠᠨ ᠠᠶᠢᠯ ᠬᠤᠲᠠ ᠶᠢᠨ ᠬᠢᠯᠢ ᠳᠣᠲᠣᠷᠠᠬᠢ ᠰᠣᠯᠣᠩᠭᠤᠰ ᠦᠨᠳᠦᠰᠦᠲᠡᠨ ᠤ ᠰᠠᠭᠤᠭᠠᠯᠢ ᠠᠷᠠᠳ ᠤᠰᠤᠨ ᠲᠤᠲᠤᠷᠭ᠎ᠠ ᠲᠠᠷᠢᠬᠤ ᠪᠠᠷ ᠭᠤᠤᠯ ᠠᠵᠤ  ᠦᠢᠯᠡᠰ ᠪᠣᠯᠭᠠᠵᠤ᠂ ᠡᠯᠪᠡᠭ ᠪᠠᠶᠠᠯᠢᠭ ᠦᠢᠯᠡᠳᠪᠦᠷᠢᠯᠡᠯ ᠤᠨ ᠲᠤᠷᠰᠢᠯᠭ᠎ᠠ ᠪᠠ ᠤᠷ᠎ᠠ ᠴᠢᠳᠠᠪᠤᠷᠢ ᠲᠠᠢ᠃ ᠡᠳᠦᠷ ᠪᠦᠷᠢ ᠤᠰᠤ ᠲᠠᠢ ᠬᠠᠷᠢᠯᠴᠠᠳᠠᠭ ᠪᠣᠯᠬᠤᠷ᠂ ᠬᠦᠢᠲᠡᠨ ᠢ ᠬᠠᠯᠬᠠᠯᠠᠬᠤ ᠶᠢᠨ ᠲᠥᠯᠥᠭᠡ ᠯᠠᠵᠤᠤ ᠲᠠᠷᠢᠵᠤ ᠯᠠᠵᠤᠤ ᠢᠳᠡᠬᠦ ᠳᠠᠳᠬᠠᠯ ᠲᠠᠢ ᠪᠣᠯᠪᠠ᠃     ᠰᠣᠯᠣᠩᠭᠤᠰ ᠦᠨᠳᠦᠰᠦᠲᠡᠨ ᠤ ᠰᠠᠭᠤᠭᠠᠯᠢ ᠠᠷᠠᠳ ᠲᠤᠲᠤᠷᠭ᠎ᠠ᠂ ᠪᠣᠤᠪᠤ᠂ ᠨᠣᠬᠠᠶ ᠶᠢᠨ ᠮᠢᠬ᠎ᠠ ᠪᠠᠷ ᠭᠤᠣᠯᠯᠠᠳᠠᠭ᠃ ᠠᠷᠢᠬᠢ ᠤᠤᠭᠤᠬᠤ ᠳᠠᠭᠠᠨ ᠰᠠᠶᠢᠨ᠂ ᠢᠳᠡᠭᠰᠡᠨ ᠵᠠᠭᠤᠰᠢᠨ ᠳᠠᠭᠠᠨ ᠯᠠᠵᠤᠤ ᠠᠴᠠ ᠰᠠᠯᠵᠤ ᠴᠢᠳᠠᠬᠤ ᠦᠭᠡᠶ᠃ ᠦᠶ᠋ᠯᠡᠳᠪᠦᠷᠢᠯᠡᠯ ᠨᠢ ᠤᠰᠤ ᠲᠠᠢ ᠨᠢᠭᠲᠠ ᠬᠤᠯᠪᠣᠭ᠎ᠠ ᠲᠠᠢ ᠪᠣᠯᠬᠤᠷ ᠵᠢᠭᠠᠰᠤ ᠢᠳᠡᠬᠦ ᠳᠤᠷᠠᠲᠠᠶ᠃ ᠲᠠᠳᠡᠨ ᠤᠰᠤ ᠶᠢ ᠬᠥᠨᠳᠦᠳᠭᠡᠳᠡᠭ ᠲᠤᠯᠠ ᠬᠤᠪᠴᠠᠰᠤ ᠬᠤᠨᠠᠷ᠂ ᠭᠡᠷ ᠤᠨ ᠲᠠᠯᠪᠢᠯ᠂ ᠬᠡᠷᠡᠭᠰᠡᠯ᠂ ᠰᠠᠪᠠ ᠰᠠᠭᠠᠯᠢ ᠨᠢ ᠪᠦᠷ ᠮᠠᠰᠢ ᠴᠡᠪᠡᠷ ᠪᠠᠶᠢᠳᠠᠭ᠃    ᠰᠣᠯᠣᠩᠭᠤᠰ ᠦᠨᠳᠦᠰᠦᠲᠡᠨ ᠤ ᠰᠠᠭᠤᠭᠠᠯᠢ ᠠᠷᠠᠳ ᠨᠣᠬᠠᠶ ᠶᠢᠨ ᠮᠢᠬ᠎ᠠ ᠢᠳᠡᠬᠦ ᠳᠤ ᠮᠠᠰᠢ ᠲᠣᠬᠢᠷᠠᠮᠵᠢᠲᠠᠶ᠂ ᠨᠣᠬᠠᠢ ᠶᠢ ᠠᠯᠠᠭᠰᠠᠨ ᠤ ᠳᠠᠷᠠᠭ᠎ᠠ ᠵᠤᠮᠠᠯᠵᠤ ᠬᠠᠭᠠᠯᠤᠭᠠᠳ ᠲᠠᠪᠤᠨ ᠴᠤᠯᠤ ᠶᠢ ᠤᠬᠢᠶᠠᠨ ᠪᠦᠬᠦᠨ ᠢ ᠢᠳᠡᠳᠡᠭ᠃ ᠬᠤᠶᠠᠷ᠂ ᠰᠣᠶᠣᠯ ᠪᠡᠶ᠎ᠡ ᠶᠢᠨ ᠲᠠᠮᠢᠷ ᠤᠨ ᠠᠵᠢᠯᠯᠠᠭ᠎ᠠ    ᠦᠰᠦᠷᠬᠦ ᠬᠠᠪᠲᠠᠰᠤ ᠳᠠᠷᠤᠬᠤ ᠪᠠ ᠳᠡᠭᠦᠵᠢᠩ ᠨᠠᠭᠠᠳᠬᠤ ᠪᠣᠯ ᠰᠣᠯᠣᠩᠭᠤᠰ ᠦᠨᠳᠦᠰᠦᠲᠡᠨ ᠤ ᠡᠮᠡᠭᠲᠡᠶᠢᠴᠦᠳ ᠤᠨ ᠬᠠᠮᠤᠭ ᠳᠤᠷᠠᠲᠠᠶ ᠬᠥᠳᠡᠯᠭᠡᠭᠡᠨ ᠪᠣᠯᠤᠨ᠎ᠠ᠃    ᠦᠰᠦᠷᠬᠦ ᠬᠠᠪᠲᠠᠰᠤ ᠶᠢ ᠬᠤᠶᠠᠷ ᠬᠥᠮᠦᠨ ᠲᠤᠰ ᠪᠦᠷᠢ ᠬᠠᠪᠲᠠᠰᠤᠨ ᠤ ᠬᠤᠶᠠᠷ ᠦᠵᠦᠭᠦᠷ ᠲᠤ ᠵᠣᠭᠰᠣᠨ᠎ᠠ᠃ ᠨᠢᠭᠡ ᠲᠠᠯ᠎ᠠ ᠨᠢ ᠪᠡᠯᠡᠳᠬᠡᠯ ᠲᠠᠢ ᠬᠦᠴᠦᠲᠡᠶ ᠪᠠᠭᠤᠵᠤ᠂ ᠨᠥᠭᠦᠭᠡ ᠲᠠᠯ᠎ᠠ ᠨᠢ ᠥᠨᠳᠥᠷ ᠦᠰᠦᠷᠡᠨ᠎ᠡ᠃ ᠨᠢᠭᠡ ᠨᠢ ᠭᠠᠵᠠᠷᠳᠠᠪᠠᠯ᠂ ᠨᠢᠭᠡ ᠨᠢ ᠠᠭᠠᠷ ᠲᠤ ᠳᠡᠭᠳᠡᠨ᠎ᠡ᠂ ᠬᠡᠳᠦᠶ ᠬᠥᠭᠵᠢᠮᠳᠡᠬᠦ ᠲᠤᠲᠤᠮ ᠲᠡᠳᠦᠶ ᠥᠨᠳᠥᠷ ᠪᠣᠯᠤᠨ᠎ᠠ᠂ ᠦᠰᠦᠷᠬᠦ ᠲᠤᠲᠤᠮ ᠬᠤᠷᠳᠤᠨ ᠪᠣᠯᠵᠤ᠂ ᠥᠭᠡᠷ᠎ᠡ ᠳᠤᠷ᠎ᠠ ᠰᠣᠨᠢᠷᠬᠠᠯ ᠲᠠᠢ ᠪᠣᠯᠤᠨ᠎ᠠ᠃    ᠳᠡᠭᠦᠵᠢᠩ ᠨᠠᠭᠠᠳᠬᠤ ᠨᠢ ᠨᠠᠩ ᠠᠶᠤᠮᠰᠢᠭ ᠲᠠᠢ᠂ ᠲᠡᠳᠡ ᠦᠰᠦᠷᠬᠦ ᠬᠠᠪᠲᠠᠰᠤᠨ ᠳᠡᠭᠡᠷ᠎ᠡ ᠭᠠᠷᠴᠤ᠂ ᠬᠤᠶᠠᠷ ᠳᠡᠭᠡᠰᠦ ᠪᠠᠨ ᠰᠠᠯᠭᠠᠵᠤ᠂ ᠬᠦᠴᠦᠯᠡᠨ ᠴᠢᠷᠮᠠᠶᠢᠵᠤ᠂ ᠨᠢᠭᠡ ᠬᠥᠮᠦᠨ ᠠᠭᠤᠵᠢᠭᠤ ᠲᠠᠯᠪᠢᠭᠤ ᠪᠠᠶᠢᠵᠤ᠂ ᠶᠠᠭ ᠯᠠ ᠬᠠᠷᠢᠶᠠᠴᠠᠶ ᠶᠢᠨ ᠭᠠᠵᠠᠷ ᠦᠰᠦᠷᠦᠭᠰᠡᠨ ᠰᠢᠭ᠂ ᠨᠢᠭᠡ ᠬᠥᠮᠦᠨ ᠨᠢᠰᠬᠦ ᠮᠡᠲᠦ ᠨᠢᠰᠦᠨ᠎ᠡ᠂ ᠶᠠᠭ ᠯᠠ ᠥᠩᠭᠡᠲᠦ ᠭᠠᠷᠤᠳᠢ ᠡᠭᠦᠯᠡ ᠮᠡᠲᠦ ᠬᠥᠬᠡ ᠣᠭᠲᠠᠷᠭᠤᠶ ᠳᠤ ᠳᠡᠭᠳᠡᠨ᠂ ᠪᠠᠶᠠᠷᠯᠠᠨ ᠬᠥᠭᠡᠷᠦᠯᠳᠦᠵᠦ᠂ ᠨᠠᠭᠠᠳᠬᠤ ᠦᠭᠡᠢ ᠪᠣᠯ ᠲᠠᠮᠢᠷ ᠲᠡᠩᠬᠡᠭᠡ ᠪᠠᠨ ᠪᠠᠷᠠᠲᠠᠯ᠎ᠠ ᠵᠣᠭᠰᠣᠬᠤ ᠦᠭᠡᠢ᠃   ᠵᠠᠯᠠᠨ ᠠᠶᠢᠯ ᠤᠨ ᠰᠣᠯᠣᠩᠭᠤᠰ ᠦᠨᠳᠦᠰᠦᠲᠡᠨ ᠤ ᠰᠠᠭᠤᠭᠠᠯᠢ ᠠᠷᠠᠳ ᠶᠡᠷᠦ ᠠᠴᠠ ᠳᠠᠭᠤᠯᠠᠨ ᠪᠥᠵᠢᠭᠯᠡᠬᠦ ᠳᠡᠭᠡᠨ ᠰᠠᠶᠢᠨ ᠪᠠᠶᠢᠳᠠᠭ᠃ ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠪᠤᠶᠤ ᠲᠠᠷᠢᠶᠠᠯᠠᠩ ᠤᠨ ᠰᠡᠯᠡᠭᠦᠦ ᠴᠠᠭ ᠪᠣᠯᠬᠤ ᠪᠦᠷᠢ ᠂ ᠲᠡᠳᠡ ᠴᠥᠮ ᠡᠯᠪᠡᠭ ᠪᠠᠶᠠᠯᠢᠭ᠂ ᠦᠨᠳᠦᠰᠦᠲᠡᠨ ᠤ ᠣᠨᠴᠠᠯᠢᠭ ᠪᠦᠬᠦᠢ ᠵᠤᠭ᠎ᠠ ᠴᠡᠩᠭᠡᠯ ᠤᠨ ᠠᠵᠢᠯᠯᠠᠭ᠎ᠠ ᠬᠢᠳᠡᠭ᠃ ᠥᠨᠢᠷ ᠰᠠᠶᠢᠬᠠᠨ ᠦᠨᠳᠦᠰᠦᠲᠡᠨ ᠤ ᠬᠤᠪᠴᠠᠰᠤ ᠬᠤᠨᠠᠷ ᠲᠠᠢ ᠤᠶᠠᠬᠠᠨ ᠠᠶᠠᠰ ᠢᠶᠠᠷ ᠳᠠᠭᠤᠯᠠᠨ ᠪᠥᠵᠢᠭᠯᠡᠵᠦ ᠬᠠᠨᠲᠠᠯ᠎ᠠ ᠪᠠᠶᠠᠷᠯᠠᠬᠤ᠂ ᠬᠥᠷ ᠬᠥᠭᠵᠢᠶᠡᠨ ᠲᠠᠢ᠃ ᠵᠠᠷᠢᠮ ᠳᠠᠭᠠᠨ ᠪᠠᠰᠠ ᠤᠷᠮ᠎ᠠ ᠪᠠᠭ᠋ᠠᠲᠠᠶ ᠬᠡᠷ ᠪᠦᠯᠢ ᠶᠢᠨ ᠳᠠᠭᠤᠤ ᠪᠥᠵᠢᠭ ᠤᠨ ᠦᠳᠡᠰᠢᠯᠡᠭᠡ ᠡᠷᠭᠢᠯᠡᠳᠡᠭ᠃ᠭᠤᠷᠪᠠ᠂ ᠬᠤᠪᠴᠠᠰᠤ ᠵᠠᠰᠠᠯ      ᠰᠣᠯᠣᠩᠭᠤᠰ ᠦᠨᠳᠦᠰᠦᠲᠡᠨ ᠴᠠᠭᠠᠨ ᠥᠩᠭᠡᠲᠡᠶ ᠬᠤᠪᠴᠠᠰᠤᠨ ᠳᠤ ᠨᠡᠯᠢᠶᠡᠳ ᠳᠤᠷᠠᠲᠠᠶ᠂ ᠵᠠᠩ ᠳᠠᠳᠬᠠᠯ ᠳᠡᠭᠡᠷ᠎ᠡ ᠪᠠᠨ ᠬᠠᠷᠢᠯᠴᠠᠨ ︽ᠴᠠᠭᠠᠨ ᠲᠠᠪᠠᠯᠲᠤ ᠠᠬ᠎ᠠ ᠳᠡᠭᠦᠦ︾ ᠭᠡᠵᠦ ᠨᠡᠷᠡᠯᠡᠳᠡᠭ᠃ ᠰᠣᠯᠣᠩᠭᠤᠰ ᠬᠤᠪᠴᠠᠰᠤ ᠬᠤᠨᠠᠷ ᠤᠨ ᠣᠨᠴᠠᠯᠢᠭ ᠨᠢ ᠵᠢᠰᠢᠭᠦᠦ ᠡᠩᠭᠡᠷ᠂ ᠲᠣᠪᠴᠢ ᠦᠭᠡᠶ᠂ ᠤᠷᠲᠤ ᠪᠥᠰ ᠢᠶᠠᠷ ᠵᠠᠩᠭᠢᠳᠤᠨ᠎ᠠ᠃ ᠡᠮᠡᠭᠲᠡᠶᠢᠴᠦᠳ ᠤᠨ ᠬᠤᠪᠴᠠᠰᠤ ᠬᠤᠨᠠᠷ ᠢ ᠣᠬᠤᠷ ᠴᠠᠮᠴᠠ ᠲᠠᠢ ᠤᠷᠲᠤ ᠪᠠᠩᠵᠠᠯ ᠭᠡᠳᠡᠭ᠃ ᠬᠠᠨᠲᠠᠭᠠᠰᠤ ᠣᠶᠣᠵᠤ ᠥᠮᠥᠳᠥᠨ ᠰᠢᠷᠬᠤᠨᠠᠭ ᠪᠦᠳᠦᠭᠦᠷᠡᠭᠰᠡᠨ ᠤᠷᠳᠤ ᠥᠮᠥᠳᠥ ᠡᠮᠦᠰᠴᠦ᠂ ᠭᠠᠳᠠᠭᠰᠢ ᠭᠠᠷᠬᠤ ᠳᠤ ᠵᠢᠰᠢᠭᠦᠦ ᠡᠩᠭᠡᠷ ᠡᠮᠦᠰᠦᠨ᠎ᠡ᠃ ᠪᠥᠰ ᠢᠶᠠᠷ ᠵᠠᠩᠭᠢᠳᠤᠭᠰᠠᠨ ᠲᠡᠷᠯᠢᠭ . ᠬᠡᠦᠬᠡᠨ ᠤ ᠪᠠᠩᠵᠠᠯ᠂ ᠥᠩᠭᠡ ᠢᠯᠭᠠᠷᠠᠮ᠎ᠠ ᠥᠩᠭᠡ ᠢᠯᠭᠠᠷᠠᠮ᠎ᠠ ᠨᠢᠳᠦ ᠭᠢᠯᠠᠰᠤᠮ᠎ᠠ᠂ ᠵᠠᠯᠠᠭᠤ ᠡᠮᠡᠭᠲᠡᠶᠢᠴᠦᠳ ᠬᠠᠨᠴᠤᠶ᠂ ᠡᠩᠭᠡᠷ ᠳᠡᠭᠡᠷ᠎ᠡ ᠪᠠᠨ ᠥᠩᠭᠡ ᠢᠯᠭᠠᠷᠠᠮ᠎ᠠ ᠲᠣᠷᠭ᠎ᠠ ᠳᠤᠷᠳᠤᠩ ᠰᠢᠬᠢᠳᠬᠡᠳᠡᠭ᠃ ᠥᠲᠡᠭᠦᠰ ᠨᠠᠰᠤᠨ ᠤ ᠡᠮᠡᠭᠲᠡᠶᠢᠴᠦᠳ ᠴᠠᠭᠠᠨ ᠥᠩᠭᠡ ᠶᠢᠨ ᠪᠠᠩᠵᠠᠯ ᠡᠮᠦᠰᠬᠦ ᠳᠤᠷᠠᠲᠠᠶ ᠪᠥᠭᠡᠳ ᠴᠠᠭᠠᠨ ᠪᠥᠰ ᠪᠤᠭᠤᠲᠤ ᠶᠢ ᠬᠡᠷᠡᠭᠯᠡᠬᠦ ᠳᠠᠳᠬᠠᠯ ᠲᠠᠢ ᠪᠠᠶᠢᠳᠠᠭ᠃ ᠡᠪᠦᠯ ᠤᠨ ᠤᠯᠠᠷᠢᠯ ᠳᠤ ᠦᠰᠦᠲᠡᠶ ᠠᠷᠠᠰᠤ ᠪᠠᠷ ᠳᠣᠲᠣᠷᠯᠠᠵᠤ᠂ ᠲᠣᠷᠭ᠎ᠠ ᠳᠤᠷᠳᠤᠩ ᠢᠶᠠᠷ ᠬᠢᠭᠰᠡᠨ ᠬᠠᠨᠵᠢᠶᠠᠷ ᠡᠮᠦᠰᠴᠦ᠂ ᠢᠳᠡᠷ ᠥᠲᠡᠯᠦᠭᠡ ᠨᠠᠰᠤᠨ ᠤ ᠡᠮᠡᠭᠲᠡᠶᠢᠴᠦᠳ ᠤᠷᠲᠤ ᠪᠠᠩᠵᠠᠯ ᠢᠯᠡᠭᠦᠦ ᠡᠮᠦᠰᠳᠡᠭ᠃ ᠰᠢᠯᠤᠭᠤᠨ ᠪᠠᠩᠵᠠᠯ ᠡᠮᠦᠰᠬᠦ ᠦᠭᠡᠢ᠃ ᠰᠣᠯᠣᠩᠭᠤᠰ ᠦᠨᠳᠦᠰᠦᠲᠡᠨ ᠡᠷᠲᠡ ᠦᠶ᠎ᠡ ᠳᠡᠭᠡᠨ ᠮᠣᠳᠣᠨ ᠱᠠᠬᠠᠶ ᠡᠮᠦᠰᠴᠦ ᠪᠠᠶᠢᠭᠰᠠᠨ ᠢᠶᠠᠨ ᠰᠡᠭᠦᠯᠡᠷ ᠨᠢ ᠡᠪᠡᠰᠦᠨ ᠱᠠᠬᠠᠶ᠂ ᠣᠯᠣᠰᠣᠨ ᠱᠠᠬᠠᠶ᠂ ᠭᠤᠮ ᠱᠠᠬᠠᠶ ᠢᠯᠡᠷᠡᠪᠡ᠃
 
ᠢᠷᠡᠯᠲᠡ᠄ ᠵᠠᠯᠠᠨ ᠠᠢᠢᠯ ᠬᠣᠲᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号