ᠬᠣᠲᠣᠩ ᠦᠨᠳᠦᠰᠦᠳᠡᠨ
ᠨᠡᠶᠢᠲᠡᠯᠡᠭᠰᠡᠨ ᠴᠠᠭ᠄
2020/9/23
ᠨᠢᠭᠡ᠂ ᠦᠭᠡ ᠬᠡᠯᠡ     ᠬᠤᠲᠣᠩ ᠦᠨᠳᠦᠰᠦᠲᠡᠨ ᠨᠡᠶᠢᠳᠡᠮ ᠳᠡᠭᠡᠨ ᠬᠢᠲᠠᠳ ᠬᠡᠯᠡ᠂ ᠶᠢ ᠬᠡᠷᠡᠭᠯᠡᠳᠡᠭ᠃ ᠭᠡᠪᠡᠴᠦ ᠱᠠᠰᠢᠨ ᠰᠤᠷᠲᠠᠬᠤᠨ ᠤ ᠠᠮᠢᠳᠤᠷᠠᠯ ᠪᠠ ᠦᠨᠳᠦᠰᠦᠲᠡᠨ ᠤ ᠳᠣᠲᠣᠭᠠᠳᠤ ᠳᠤ ᠪᠠᠰᠠ ᠵᠠᠷᠢᠮ ᠫᠧᠷᠰ ᠬᠡᠯᠡ ᠪᠠ ᠠᠷᠠᠪ ᠬᠡᠯᠡᠨ ᠤ ᠦᠭᠡᠰ ᠤᠨ ᠰᠠᠩ ᠢ ᠬᠠᠳᠠᠭᠠᠯᠠᠵᠤ ᠪᠠᠶᠢᠨ᠎ᠠ᠂ ᠢᠯᠠᠩᠭᠤᠶ᠎ᠠ ᠱᠠᠰᠢᠨ ᠰᠤᠷᠲᠠᠬᠤᠨ ᠤ ᠶᠣᠰᠣ ᠵᠢᠷᠤᠮ ᠤᠨ ᠠᠵᠢᠯᠯᠠᠭ᠎ᠠ ᠳᠤᠮᠳᠠ ᠨᠡᠯᠢᠶᠡᠳ ᠢᠯᠡᠷᠬᠡᠶ ᠪᠠᠶᠢᠳᠠᠭ᠃ ᠱᠠᠰᠢᠨ ᠰᠤᠷᠲᠠᠬᠤᠨ ᠤ ᠠᠵᠢᠯᠲᠠᠳ ᠶᠡᠷᠦ ᠳᠡᠭᠡᠨ ᠠᠷᠠᠪ ᠦᠰᠦᠭ ᠪᠢᠴᠢᠭ ᠪᠠ ᠦᠭᠡ ᠬᠡᠯᠡ ᠶᠢ ᠰᠤᠷᠳᠠᠭ᠃
ᠬᠤᠶᠠᠷ᠂ ᠬᠤᠪᠴᠠᠰᠤ ᠵᠠᠰᠠᠯ
     ᠡᠩ ᠤᠨ ᠦᠶ᠎ᠡ ᠳᠤ ᠡᠮᠦᠰᠴᠦ ᠵᠡᠭᠦᠬᠦ ᠨᠢ ᠬᠢᠲᠠᠳ ᠦᠨᠳᠦᠰᠦᠲᠡᠨ ᠲᠠᠢ ᠠᠳᠠᠯᠢ᠂ ᠴᠠᠭ ᠦᠶ᠎ᠡ ᠶᠢᠨ ᠣᠨᠴᠠᠯᠢᠭ ᠲᠤ ᠵᠣᠬᠢᠴᠠᠳᠠᠭ᠃ ᠢᠰᠯᠠᠮ ᠤᠨ ᠱᠠᠰᠢᠨ ᠢ ᠰᠢᠲᠦᠭᠴᠢ ᠮᠦᠰᠯᠢᠮ ᠮᠥᠷᠭᠦᠯ ᠬᠢᠬᠦ ᠪᠤᠶᠤ ᠱᠠᠰᠢᠨ ᠤ ᠶᠣᠰᠣᠯᠠᠯ ᠳᠤ ᠣᠷᠣᠯᠴᠠᠬᠤ ᠦᠶ᠎ᠡ ᠳᠤ ᠡᠷᠡᠭᠲᠡᠶᠢᠴᠦᠳ ᠣᠯᠠᠩᠬᠢ ᠨᠢ ᠲᠣᠭᠤᠷᠴᠤᠭ ᠮᠠᠯᠠᠭᠠᠢ ᠵᠡᠬᠦᠳᠡᠭ᠃ ᠶᠡᠷᠦ ᠳᠡᠭᠡᠨ ᠬᠠᠷ᠎ᠠ ᠥᠩᠭᠡ᠂ ᠴᠠᠭᠠᠨ ᠥᠩᠭᠡ ᠪᠤᠶᠤ ᠬᠠᠷ᠎ᠠ ᠨᠣᠭᠤᠭᠠᠨ ᠥᠩᠭᠡ ᠶᠢᠨ ᠪᠠᠶᠢᠳᠠᠭ᠂ ᠡᠮᠡᠭᠲᠡᠶ ᠶᠢᠨ ᠲᠣᠯᠣᠭᠠᠶ ᠳᠡᠭᠡᠷ᠎ᠡ ᠬᠠᠷ᠎ᠠ ᠴᠠᠭᠠᠨ ᠪᠤᠶᠤ ᠨᠣᠭᠤᠭᠠᠨ ᠥᠩᠭᠡ ᠶᠢᠨ ᠪᠦᠰᠡ ᠪᠠᠷ ᠲᠣᠯᠣᠭᠠᠶ ᠪᠦᠲᠡᠭᠡᠳᠡᠭ᠃ᠬᠤᠶᠠᠷ᠂ ᠢᠳᠡᠭᠡᠨ ᠤᠮᠳᠠᠭᠠᠨ     ᠭᠤᠯᠢᠷ ᠲᠠᠢ ᠢᠳᠡᠬᠡᠨ᠂ ᠪᠠᠩᠰᠢ᠂ ᠵᠢᠩᠨᠡᠭᠰᠡᠨ ᠪᠠᠩᠰᠢ᠂ ᠪᠤᠤᠵᠠ᠂ ᠪᠣᠭᠤᠳᠠᠶ ᠵᠡᠷᠭᠡ ᠨᠢ ᠪᠦᠷ ᠤᠯᠠᠮᠵᠢᠯᠠᠯᠲᠤ ᠠᠮᠲᠠᠲᠤ ᠢᠳᠡᠭᠡᠨ ᠪᠠᠶᠢᠵᠤ᠂ ᠪᠠᠶᠠᠷ ᠤᠨ ᠡᠳᠦᠷ ᠲᠤ ︽ᠠᠶᠠᠭ᠎ᠠ ᠲᠠᠢ ᠨᠣᠭᠤᠭ᠎ᠠ︾ ᠢᠳᠡᠳᠡᠭ᠃ ᠡᠩ ᠤᠨ ᠦᠶ᠎ᠡ ᠳᠤ ᠬᠤᠲᠣᠩ ᠦᠨᠳᠦᠰᠦᠲᠡᠨ ᠮᠠᠯᠢᠺᠠ ᠴᠠᠢ ᠤᠤᠭᠤᠬᠤ ᠳᠤᠷᠠᠲᠠᠢ ᠪᠥᠭᠡᠳ ᠣᠯᠠᠩᠬᠢ ᠳᠠᠭᠠᠨ ᠵᠣᠴᠢᠳ ᠢ ᠵᠣᠴᠢᠯᠠᠬᠤ ᠳᠤ ᠬᠡᠷᠡᠭᠯᠡᠳᠡᠭ᠃ᠭᠤᠷᠪᠠ᠂ ᠱᠠᠰᠢᠨ ᠰᠣᠷᠲᠠᠬᠤᠨ      ᠬᠤᠲᠣᠩ ᠦᠨᠳᠦᠰᠦᠲᠡᠨ ᠢᠰᠯᠠᠮ ᠤᠨ ᠱᠠᠰᠢᠨ ᠢ ᠰᠢᠳᠦᠳᠡᠭ      ᠪᠠᠶᠠᠷ ᠤᠨ ᠡᠳᠦᠷ᠄ ᠬᠤᠲᠣᠩ ᠦᠨᠳᠦᠰᠦᠲᠡᠨ ᠤ ᠪᠠᠶᠠᠷ ᠤᠨ ᠡᠳᠦᠷ ᠭᠤᠣᠯᠳᠠᠭᠤ ᠭᠤᠷᠪᠠ ᠪᠠᠶ᠋ᠳᠠᠭ᠃ ︽ᠪᠣᠭᠳᠠ ᠶᠢᠨ ᠪᠠᠶᠠᠷ ᠤᠨ ᠡᠳᠦᠷ︾ ︵ᠬᠤᠲᠣᠩ ᠤᠨ ᠱᠠᠰᠢᠨ ᠤ ᠵᠢᠷᠤᠬᠠᠶ︶ ᠪᠣᠯ ᠮᠦᠬᠠᠮᠮᠤᠳ᠋ ᠤᠨ ᠨᠠᠰᠤ ᠪᠠᠷᠠᠭᠰᠠᠨ ᠳᠤᠷᠠᠰᠬᠠᠯ ᠤᠨ ᠡᠳᠦᠷ ᠪᠣᠯᠤᠨ᠎ᠠ᠃ ᠶᠡᠷᠦ ᠳᠡᠭᠡᠨ ᠴᠤᠭᠯᠠᠭᠠᠨ ᠬᠢᠳᠡᠭ᠂ ᠠᠾᠦᠩ ᠡᠴᠡᠮᠦᠬᠠᠮᠮᠤᠳ᠋ ᠤᠨ ᠭᠠᠪᠢᠶ᠎ᠠ ᠵᠢᠳᠬᠦᠯ ᠢ ᠲᠠᠶᠢᠯᠪᠤᠷᠢᠯᠠᠨ᠂ ᠡᠷᠬᠢᠮ ᠳᠡᠭᠡᠳᠦ ᠵᠠᠩ ᠴᠢᠨᠠᠷ ᠢ ᠮᠠᠭᠲᠠᠵᠤ ᠡᠭᠦᠨ ᠤ ᠬᠠᠮᠲᠤ ︽ᠺᠤᠷᠠᠨ ᠰᠤᠳᠤᠷ︾ ᠢ ᠤᠩᠰᠢᠨ᠎ᠠ᠃
    ᠪᠠᠴᠠᠭ ᠲᠠᠶᠢᠯᠬᠤ ᠡᠳᠦᠷ ᠪᠣᠯ ᠪᠠᠴᠠᠭ ᠲᠠᠶᠢᠯᠬᠤ ᠰᠠᠷ᠎ᠠ ᠳᠠᠭᠤᠰᠴᠤ᠂ ᠮᠦᠰᠯᠢᠮᠴᠦᠳ ᠪᠠᠴᠠᠭ ᠲᠠᠶᠢᠯᠬᠤ ᠭᠠᠶᠢᠯᠢ ᠲᠤᠰᠢᠶᠠᠳᠠᠭ᠃ ᠪᠠᠰᠠ ᠪᠠᠴᠠᠭ ᠲᠠᠶᠢᠯᠬᠤ ᠪᠠᠶᠠᠷ ᠤᠨ ᠡᠳᠦᠷ ᠤᠨ ᠵᠣᠯᠭᠠᠯᠲᠠ ᠬᠢᠳᠡᠭ᠂ ᠪᠠᠰᠠ ︽ᠬᠤᠷᠠᠯ ᠤᠨ ᠶᠣᠰᠣᠯᠠᠯ︾ ᠭᠡᠳᠡᠭ᠂ ᠨᠡᠶᠢᠲᠡ ᠵᠢᠷᠭᠤᠭᠠᠨ ᠮᠥᠷᠭᠦᠯ ᠬᠢᠳᠡᠭ᠃     ᠮᠠᠯ ᠨᠢᠲᠤᠯᠬᠤ ᠡᠳᠦᠷ ᠢ ᠪᠠᠰᠠ ᠺᠦᠷᠪᠠᠨ ᠤ ᠪᠠᠶᠠᠷ ᠭᠡᠳᠡᠭ᠃ ᠮᠠᠯ ᠨᠢᠲᠤᠯᠬᠤ ᠠᠴᠠ ᠭᠠᠳᠠᠨ᠎ᠠ ᠪᠠᠰᠠ ᠯᠠᠯᠤ ᠶᠢᠨ ᠰᠦᠮ᠎ᠡ ᠳᠤ ᠬᠦᠷᠴᠦ ᠶᠣᠰᠣᠯᠠᠯ ᠬᠢᠳᠡᠭ᠃     ᠪᠤᠰᠤᠳ ᠪᠠᠶᠠᠷ ᠳᠤᠷᠠᠰᠬᠠᠯ ᠤᠨ ᠡᠳᠦᠷ ᠨᠢ ᠪᠠᠰᠠ ᠬᠢᠲᠠᠳ ᠦᠨᠳᠦᠰᠦᠲᠡᠨ ᠤ ᠵᠠᠩ ᠵᠠᠩᠰᠢᠯ ᠢ ᠳᠠᠭᠠᠵᠤ ᠪᠠᠶᠢᠳᠠᠭ᠂ ᠵᠢᠱᠢᠶᠡᠯᠡᠪᠡᠯ ᠴᠠᠭᠠᠨ ᠰᠠᠷ᠎ᠠ᠂ ᠰᠢᠨ᠎ᠡ ᠵᠢᠯ᠂ ᠨᠠᠢᠮᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠵᠡᠷᠭᠡ᠃
 
ᠢᠷᠡᠯᠲᠡ᠄ ᠵᠠᠯᠠᠨ ᠠᠢᠢᠯ ᠬᠣᠲᠠ ᠶᠢᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号